ᠪᠢ ᠡᠷᠭᠢᠵᠦ ᠢᠷᠡᠨ᠎ᠡ -ᠡᠷᠬᠡᠴᠦᠳ ᠳᠧ· ᠥᠨᠢᠷᠪᠠᠶᠠᠷБи эргэж ирнэ-Эрхчүүд Дэ.Өнөрбаяр
ᠪᠢ ᠡᠷᠭᠢᠵᠦ ᠢᠷᠡᠨ᠎ᠡ
ᠡᠷᠬᠡᠴᠦᠳ ᠳᠧ· ᠥᠨᠢᠷᠪᠠᠶᠠᠷ
ᠪᠢ ᠡᠷᠭᠢᠵᠦ ᠢᠷᠡᠨ᠎ᠡ
ᠬᠦᠢ ᠶ᠋ᠢ ᠮᠢᠨᠢ ᠴᠦᠭᠯᠡᠭᠰᠡᠨ ᠠᠯᠲᠠᠨ ᠰᠢᠷᠣᠢ
ᠬᠡᠦᠬᠡᠳ ᠨᠠᠰᠤᠨ ᠤ᠋ ᠮᠢᠨᠢ ᠭᠡᠭᠡᠨ ᠵᠡᠭᠦᠳᠦ
ᠬᠦᠯᠢᠶᠡᠵᠦ ᠴᠥᠬᠥᠬᠦ ᠦᠭᠡᠢ ᠶᠡᠬᠡ ᠬᠠᠢᠷ᠎ᠠ
ᠬᠥᠪᠡᠭᠡᠲᠦ ᠰᠢᠷ᠎ᠠ ᠴᠠᠬᠠᠷ ᠠᠳᠤᠭᠤᠴᠢᠨ ᠳ᠋ᠤ᠌ ᠪᠠᠨ
ᠪᠢ ᠡᠷᠭᠢᠵᠦ ᠢᠷᠡᠨ᠎ᠡ!
ᠪᠡᠶ᠎ᠡ ᠰᠡᠳᠬᠢᠯ ᠢ᠋ ᠮᠢᠨᠢ ᠲᠥᠷᠥᠭᠦᠯᠦᠭᠰᠡᠨ
ᠪᠢᠯᠢᠭ ᠣᠶᠤᠨ ᠢ᠋ ᠮᠢᠨᠢ ᠬᠤᠷᠴᠠᠯᠠᠭᠰᠠᠨ
ᠡᠭᠡᠯᠭᠡᠨ ᠬᠦᠦ ᠪᠡᠷ ᠢ᠋ᠶ᠋ᠡᠨ ᠪᠠᠬᠠᠷᠬᠠᠵᠤ ᠶᠠᠪᠤᠭᠰᠠᠨ
ᠡᠭᠡᠯ ᠬᠣᠶᠠᠷ ᠪᠤᠭᠤᠷᠤᠯ ᠤ᠋ᠨ ᠢ᠋ᠶ᠋ᠠᠨ ᠡᠪᠦᠷ ᠲᠦ᠍
ᠪᠢ ᠡᠷᠭᠢᠵᠦ ᠢᠷᠡᠨ᠎ᠡ!
ᠬᠠᠪᠤᠷ ᠬᠠᠪᠤᠷ ᠤ᠋ᠨ ᠠᠩᠭᠢᠷ ᠭᠠᠯᠠᠭᠤᠳ ᠢ᠋ᠶ᠋ᠠᠷ
ᠳᠠᠭᠤ ᠪᠠᠨ ᠥᠭᠴᠦ ᠬᠠᠢᠷ᠎ᠠ ᠪᠠᠨ ᠢᠯᠡᠭᠡᠵᠦ
ᠬᠠᠨᠢ ᠦᠷ᠎ᠡ ᠬᠣᠶᠠᠷ ᠲᠤ ᠪᠠᠨ ᠵᠣᠷᠢᠭ ᠨᠡᠮᠡᠵᠦ
ᠬᠠᠳᠠᠨ ᠠᠮᠢᠳᠤᠷᠠᠬᠤ ᠶ᠋ᠢᠨ ᠢᠲᠡᠭᠡᠯ ᠤᠷᠢᠶᠠᠯᠠᠵᠤ
ᠪᠢ ᠡᠷᠭᠢᠵᠦ ᠢᠷᠡᠨ᠎ᠡ!
ᠥᠭᠡᠳᠡᠷᠡᠭ ᠠᠮᠢᠳᠤᠷᠠᠬᠤ ᠶ᠋ᠢ ᠴᠢᠨᠢ ᠬᠠᠷᠠᠬᠤ ᠭᠡᠵᠦ
ᠥᠷᠯᠥᠭᠡ ᠪᠣᠯᠭᠠᠨ ᠪᠢ ᠲᠠ ᠨᠠᠷ ᠢ᠋ᠶ᠋ᠠᠨ ᠬᠠᠷᠠᠵᠤ ᠪᠠᠢᠬᠤ ᠪᠣᠯᠤᠨ᠎ᠠ
ᠴᠣᠭᠲᠠᠢ ᠴᠣᠯᠮᠣᠨ ᠣᠳᠣ ᠰᠢᠭ᠋ ᠭᠡᠭᠡ ᠰᠠᠴᠤᠵᠤ
ᠴᠣ ᠰᠢᠨ᠎ᠡ ᠡᠳᠦᠷ ᠪᠣᠯᠭᠠᠨ ᠢ᠋ ᠴᠢᠨᠢ ᠰᠦᠯᠡᠭᠰᠡᠭᠡᠷ
ᠪᠢ ᠡᠷᠭᠢᠵᠦ ᠢᠷᠡᠨ᠎ᠡ!
ᠴᠢᠩᠭᠢᠰ ᠤᠳᠤᠮ ᠤ᠋ᠨ ᠴᠡᠪᠡᠷ ᠴᠢᠰᠤ ᠣᠷᠭᠢᠯᠵᠤ
ᠴᠢᠩ ᠵᠣᠷᠢᠭ ᠤ᠋ᠨ ᠡᠪ ᠰᠠᠨᠠᠭ᠎ᠠ ᠲᠠᠩᠭᠠᠷᠢᠭᠯᠠᠵᠤ
ᠴᠢ ᠪᠢᠳᠡᠨ ᠦ᠌ ᠬᠣᠢᠴᠢᠰ ᠥᠭᠡᠳᠡ ᠪᠡᠨ ᠪᠠᠢᠬᠤ ᠶ᠋ᠢ
ᠴᠢᠭ ᠳᠡᠭᠡᠷ᠎ᠡ ᠡᠴᠡ ᠴᠢᠨᠢ ᠬᠠᠷᠠᠬᠤ ᠭᠡᠵᠦ
ᠪᠢ ᠡᠷᠭᠢᠵᠦ ᠢᠷᠡᠨ᠎ᠡ!
ᠵᠢᠷᠦᠬᠡ ᠡᠮᠵᠡᠭᠯᠡᠮᠡ ᠰᠠᠢᠬᠠᠨ ᠬᠠᠷ᠎ᠠ ᠨᠢᠳᠦᠨ ᠦ᠌ ᠴᠢᠨᠢ ᠨᠢᠯᠪᠤᠰᠤ ᠶ᠋ᠢ
ᠵᠡᠭᠦᠳᠦᠨ ᠳ᠋ᠦ᠍ ᠴᠢᠨᠢ ᠢᠷᠡᠵᠦ ᠵᠦᠭᠡᠯᠡᠬᠡᠨ ᠠᠷᠴᠢᠵᠤ
ᠣᠢ ᠭᠠᠰᠢᠭᠤ ᠲᠠᠢ ᠤᠢᠳᠬᠠᠷᠲᠤ ᠪᠦᠷᠦᠭ ᠰᠡᠳᠬᠢᠯ ᠢ᠋ ᠴᠢᠨᠢ
ᠤᠷᠢ ᠳᠤᠯᠠᠭᠠᠨ ᠴᠠᠭ ᠤ᠋ᠨ ᠰᠠᠯᠬᠢ ᠪᠠᠷ ᠢᠯᠪᠢᠬᠦ ᠭᠡᠵᠦ
ᠪᠢ ᠡᠷᠭᠢᠵᠦ ᠢᠷᠡᠨ᠎ᠡ!
ᠴᠢᠮᠡᠭᠡ ᠦᠭᠡᠢ ᠤᠨᠠᠭᠠᠭᠰᠠᠨ ᠨᠢᠯᠪᠤᠰᠤᠨ ᠤ᠋ ᠴᠢᠨᠢ ᠳᠤᠰᠤᠯ ᠢ᠋
ᠴᠢᠩ ᠵᠢᠷᠦᠬᠡᠨ ᠦ᠌ ᠮᠢᠨᠢ ᠡᠴᠦᠰ ᠦ᠋ᠨ ᠴᠣᠬᠢᠯᠭ᠎ᠠ ᠮᠡᠳᠡᠷᠡᠵᠦ ᠪᠠᠢᠭᠰᠠᠨ!
ᠬᠠᠯᠠᠭᠤᠨ ᠮᠣᠩᠭᠣᠯ ᠤ᠋ᠨ ᠢ᠋ᠶ᠋ᠠᠨ ᠬᠠᠢᠷ᠎ᠠ ᠶ᠋ᠢᠨ ᠳᠤᠯᠠᠭᠠᠨ ᠢᠯᠴᠢᠨ ᠳ᠋ᠦ᠍
ᠬᠠᠨ ᠬᠦᠦ ᠰᠢᠭ ᠵᠢᠷᠭᠠᠵᠤ ᠪᠠᠢᠭᠰᠠᠨ ᠢ᠋ᠶ᠋ᠠᠨ ᠮᠡᠳᠡᠷᠡᠵᠦ ᠪᠠᠢᠭᠰᠠᠨ!
ᠠᠯᠲᠠᠨ ᠲᠠᠪᠤ᠂ ᠦᠳᠡᠰᠢ ᠶ᠋ᠢᠨ ᠴᠢᠯᠥᠭᠡ
ᠷᠠᠳᠢᠣ᠋ ᠲᠧᠯᠸᠢᠰ ᠦ᠋ᠨ ᠬᠠᠮᠲᠤ ᠣᠯᠠᠨ ᠮᠢᠨᠢ ᠪᠠᠶᠠᠷᠲᠠᠢ!
ᠡᠪ ᠨᠢᠭᠡᠳᠦᠯ ᠡᠷᠬᠢᠮ ᠦᠨᠡᠨᠴᠢ ᠬᠠᠷᠭᠤᠴᠠᠯᠭ᠎ᠠ
ᠡᠩ ᠦᠭᠡᠢ ᠶᠡᠬᠡ ᠬᠠᠢᠷ᠎ᠠ ᠶ᠋ᠢᠨ ᠴᠢᠨᠢ ᠬᠠᠷᠢᠭᠤ ᠳ᠋ᠤ᠌ ᠶᠣᠰᠣᠯᠠᠶ᠎ᠠ!
ᠴᠡᠯᠮᠡᠭ ᠤᠬᠠᠭᠠᠨᠲᠤ ᠪᠤᠭᠤᠷᠤᠯ ᠤ᠋ᠨ ᠢ᠋ᠶ᠋ᠠᠨ ᠬᠣᠷᠮᠣᠢ ᠳ᠋ᠤ᠌ ᠰᠥᠬᠥᠷᠡᠶᠡ ᠬᠦᠦ ᠴᠢᠨᠢ!
ᠴᠢᠩ ᠵᠢᠷᠤᠮ ᠤ᠋ᠨ ᠠᠬ᠎ᠠ ᠡᠭᠡᠴᠢ ᠨᠠᠷ ᠲᠤ ᠪᠠᠨ ᠶᠣᠰᠣᠯᠠᠶ᠎ᠠ ᠳᠡᠭᠦᠦ ᠴᠢᠨᠢ!
ᠠᠮᠠᠷᠠᠭ ᠬᠠᠯᠠᠭᠤᠨ ᠠᠨᠳᠠ ᠨᠠᠢᠵᠠ ᠨᠠᠷ ᠢ᠋ᠶ᠋ᠠᠨ ᠲᠡᠪᠡᠷᠢᠶ᠎ᠡ ᠨᠠᠢᠵᠠ ᠨᠢ!᠃
ᠠᠯᠢᠶ᠎ᠠ ᠵᠢᠭᠠᠬᠠᠨ ᠬᠥᠭᠡᠷᠦᠬᠦᠨ ᠳᠡᠭᠦᠦ ᠨᠠᠷ ᠢ᠋ᠶ᠋ᠠᠨ ᠦᠨᠦᠰᠦᠶ᠎ᠡ ᠠᠬ᠎ᠠ ᠨᠢ!
ᠪᠢ ᠡᠷᠭᠢᠵᠦ ᠢᠷᠡᠨ᠎ᠡ!
ᠲᠡᠢᠨ ᠦ᠌ ᠲᠠᠯᠠᠪᠤᠷ ᠲᠤ ᠡᠷᠡᠰᠳᠡᠵᠦ
ᠤᠨᠠᠭᠰᠠᠨ ᠳᠡᠢᠴᠨᠨ ᠡᠪᠦᠭᠡᠳ ᠲᠡᠢ ᠪᠡᠨ ᠬᠠᠮᠲᠤ
ᠪᠢ ᠡᠷᠭᠢᠵᠦ ᠢᠷᠡᠨ᠎ᠡ!
ᠨᠢᠭᠦᠯᠲᠦ ᠬᠦᠢᠲᠡᠨ ᠮᠡᠰᠡ ᠶ᠋ᠢᠨ ᠡᠮᠦᠨ᠎ᠡ ᠡᠴᠡ
ᠨᠢᠭᠤᠷ ᠪᠤᠷᠤᠭᠤᠯᠠᠵᠤ ᠳᠠᠯᠳᠢᠷᠠᠵᠤ ᠦᠵᠡᠭᠡ ᠦᠭᠡᠢ
ᠲᠡᠢᠨ ᠦ᠌ ᠶᠡᠬᠡ ᠲᠩᠷᠢ
ᠳᠠᠢᠴᠢᠨ ᠥᠷᠯᠥᠭ ᠦ᠋ᠳ ᠲᠡᠢ ᠪᠡᠨ ᠬᠠᠮᠲᠤ
ᠪᠢ ᠡᠷᠭᠢᠵᠦ ᠢᠷᠡᠨ᠎ᠡ!
ᠰᠢᠯᠢ ᠶ᠋ᠢᠨ ᠭᠣᠣᠯ ᠠᠢᠮᠠᠭ ᠤ᠋ᠨ ᠠᠪᠠᠬᠠᠨᠠᠷ
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠣᠳᠬᠠᠨᠰᠣ᠎ᠠ
