ᠰᠢᠯᠦᠭ ᠲᠦ᠍ ᠳᠤᠷᠠᠲᠠᠢ ᠬᠦᠦ -ᠪᠠᠼᠠᠷᠵᠠᠪ ᠤ᠋ᠨ ᠨᠠᠴᠤᠭᠳᠣᠷᠵᠢШүлэгт дуртай хүү
ᠪᠠᠼᠠᠷᠵᠠᠪ ᠤ᠋ᠨ ᠨᠠᠴᠤᠭᠳᠣᠷᠵᠢ
ᠦᠷᠦ ᠵᠢᠷᠦᠬᠡᠨ ᠦ᠌ ᠮᠢᠨᠢ ᠤᠭ ᠲᠤ᠌
ᠥᠬᠥᠭᠡᠷᠳᠡᠮ᠎ᠡ ᠨᠢᠭᠡ ᠬᠦᠦ ᠪᠣᠢ᠂
ᠴᠢᠬᠢᠨ ᠳ᠋ᠦ᠍ ᠮᠢᠨᠢ
ᠲᠡᠷᠡ ᠰᠢᠪᠡᠨᠡᠬᠦ ᠳ᠋ᠡᠭᠡᠨ
ᠰᠢᠬᠢᠷ ᠭᠡᠳᠡᠭ ᠦᠭᠡᠢ᠂
ᠰᠢᠯᠦᠭ ᠭᠡᠳᠡᠭ ᠶᠦᠮ᠃
ᠬᠠᠯᠠᠭᠤᠨ ᠰᠡᠳᠬᠢᠯ ᠦ᠋ᠨ ᠮᠢᠨᠢ ᠭᠦᠨ ᠳ᠋ᠦ᠍
ᠬᠠᠢᠷᠠᠯᠠᠮᠠ ᠨᠢᠭᠡ ᠬᠦᠦ ᠪᠣᠢ᠂
ᠠᠮᠢᠨᠴᠢᠯᠠᠵᠤ ᠲᠡᠷᠡ ᠬᠡᠯᠡᠬᠦ ᠳ᠋ᠡᠭᠡᠨ
ᠠᠯᠢᠮ᠎ᠠ ᠨᠡᠬᠡᠳᠡᠭ ᠦᠭᠡᠢ᠂ ᠰᠢᠯᠦᠭ
ᠨᠡᠬᠡᠳᠡᠭ ᠶᠦᠮ᠃
ᠬᠣᠷᠣᠮ ᠪᠦᠷᠢ ᠨᠠᠳᠠ ᠠ᠋ᠴᠠ
ᠬᠣᠭᠣᠯᠠ ᠭᠤᠶᠤᠳᠠᠭ ᠦᠭᠡᠢ᠂ ᠰᠢᠯᠦᠭ ᠭᠤᠶᠤᠳᠠᠭ
ᠬᠣᠩᠭᠣᠷᠬᠠᠨ ᠬᠦᠦ ᠶ᠋ᠢᠨ ᠴᠠᠢᠯᠭᠠᠨ ᠢᠨᠢᠶᠡᠳᠦ
ᠬᠣᠯᠪᠣᠭ᠎ᠠ ᠰᠢᠯᠦᠭ ᠢ᠋ ᠮᠢᠨᠢ ᠠᠮᠢᠯᠠᠭᠤᠯᠤᠨ᠎ᠠ᠃
1998 ᠣᠨ
ᠦᠰᠦᠭ ᠠᠮᠢᠯᠠᠭᠤᠯᠤᠭᠴᠢ᠄ ᠸᠠᠩ᠂ ᠪᠠᠳᠮ᠎ᠠ
ᠬᠢᠨᠠᠭᠴᠢ᠄ ᠣᠳᠬᠠᠨᠰᠣ᠎ᠠ
