ᠵᠥᠪ ᠪᠢᠴᠢᠯᠭᠡ ᠶ᠋ᠢᠨ ᠠᠷᠪᠠᠨ ᠨᠠᠢ᠍ᠮᠠᠳᠤᠭᠠᠷ ᠬᠣᠯᠪᠣᠭ᠎ᠠ- ᠪᠠᠶᠠᠨ᠌ᠠᠠᠭᠤᠯᠠЗөв бичлэгийн арван наймдугаар холбоо-Баян-уул
ᠵᠥᠪ ᠪᠢᠴᠢᠯᠭᠡ ᠶ᠋ᠢᠨ ᠠᠷᠪᠠᠨ ᠨᠠᠢ᠍ᠮᠠᠳᠤᠭᠠᠷ ᠬᠣᠯᠪᠣᠭ᠎ᠠ
ᠪᠠᠶᠠᠨ᠌ᠠᠠᠭᠤᠯᠠ
ᠬᠣᠩᠭᠣᠷ ᠡᠭᠡᠴᠢ ᠶ᠋ᠢᠨ ᠠᠴᠢ ᠪᠠᠷ
ᠬᠣᠨᠢᠴᠢᠨ ᠪᠦᠰᠡᠭᠦᠢ ᠶ᠋ᠢᠨ ᠲᠤᠰᠠ ᠪᠠᠷ
ᠬᠣᠲᠠᠯᠠ ᠣᠯᠠᠨ ᠳ᠋ᠤ᠌ ᠪᠠᠨ ᠲᠠᠨᠢᠭᠳᠠᠭᠰᠠᠨ
ᠬᠣᠣᠰ ᠦᠭᠡᠢ ᠨᠢᠭᠡᠨ ᠬᠤᠷᠠᠬᠤ ᠠ᠋
ᠨᠡᠷᠡᠨ᠎ᠡ ᠡᠭᠡᠴᠢ ᠶ᠋ᠢᠨ ᠵᠢᠯᠣᠭᠣᠳᠤᠯᠭ᠎ᠠ ᠪᠠᠷ
ᠨᠠᠷᠠᠨᠠᠭᠠᠰᠢ ᠠᠬ᠎ᠠ ᠶ᠋ᠢᠨ ᠴᠢᠷᠮᠠᠢᠯᠭ᠎ᠠ ᠪᠠᠷ
ᠨᠠᠷᠠᠨ ᠨᠠᠰᠤᠲᠠᠨ ᠤ᠋ ᠬᠢᠨᠠᠯᠲᠠ ᠪᠠᠷ
ᠨᠠᠷᠠᠩᠭᠤᠸ᠎ᠠ ᠶ᠋ᠢᠨ ᠳᠡᠮᠵᠢᠯᠭᠡ ᠪᠡᠷ
ᠴᠢᠮᠡᠳ ·ᠠᠭᠤᠯᠠ ᠶ᠋ᠢᠨ ᠬᠦᠴᠦ ᠪᠡᠷ
ᠴᠧᠨ ·ᠨᠠᠷᠠᠨ ᠤ᠋ ᠬᠤᠷᠳᠤᠴᠠ ᠪᠠᠷ
ᠴ᠂ ᠠᠭᠤᠯᠠ ᠶ᠋ᠢᠨ ᠬᠠᠮᠢᠶᠠᠷᠤᠯᠲᠠ ᠪᠠᠷ
ᠴᠡᠭᠴᠡᠦᠬᠡᠢ ᠠᠽᠢᠶ᠎ᠠ ᠶ᠋ᠢᠨ ᠪᠠᠷᠢᠮᠲᠠᠯᠠᠯ ᠢ᠋ᠶ᠋ᠠᠷ
ᠰᠠᠢᠬᠠᠨᠳᠠᠯᠠᠢ ᠶ᠋ᠢᠨ ᠰᠢᠮᠳᠠᠯᠭ᠎ᠠ ᠪᠠᠷ
ᠰᠠᠷᠠᠭᠤᠯ ᠡᠭᠡᠴᠢ ᠶ᠋ᠢᠨ ᠳᠡᠮᠵᠢᠯᠭᠡ ᠪᠡᠷ
ᠰᠠᠷᠠᠨᠭᠡᠷᠡᠯ ᠦ᠋ᠨ ᠣᠷᠣᠯᠴᠠᠯᠭ᠎ᠠ ᠪᠠᠷ
ᠰᠠᠷᠨᠨᠴᠡᠴᠡᠭ ᠦ᠋ᠨ ᠪᠢᠴᠢᠭᠡᠰᠦ ᠪᠡᠷ
ᠭᠠᠯ ᠠᠷᠪᠠᠨ ᠨᠠᠢ᠍ᠮᠠ ᠭᠡᠭᠴᠢ
ᠭᠠᠢᠬᠠᠮᠰᠢᠭᠲᠤ ᠴᠤᠭᠯᠠᠷᠠᠯ ᠠᠮᠢᠯᠠᠵᠠᠢ
ᠭᠠᠵᠠᠷ ᠭᠠᠵᠠᠷ ᠤ᠋ᠨ ᠬᠥᠮᠦᠰ
ᠭᠠᠪᠰᠢᠭᠠᠢᠯᠠᠵᠤ ᠪᠢᠴᠢᠳᠡᠭ ᠪᠣᠯᠵᠠᠢ
ᠤᠶᠠᠩᠭ᠎ᠠ ᠳᠠᠭᠤᠤ ᠲᠠᠢ ᠫᠠᠭᠮ᠎ᠠ
ᠤᠷᠠᠨ ᠬᠡᠯᠡ ᠲᠡᠢ ᠲᠠᠮᠤᠷ᠎ᠠ
ᠣᠲᠠᠴᠢ ᠪᠠᠭᠰᠢ ᠪᠠᠲᠤᠯᠠ
ᠤᠶᠤᠨᠭᠡᠷᠡᠯ ᠦ᠋ᠨ ᠠᠶᠠᠯᠭᠤ
ᠪᠠᠲᠤ ᠠᠬ᠎ᠠ ᠶ᠋ᠢᠨ ᠵᠣᠭᠰᠣᠯᠲᠠ
ᠪᠦᠷᠢᠨᠲᠤᠶᠠᠭᠠ ᠶ᠋ᠢᠨ ᠦᠵᠡᠯᠲᠡ
ᠰᠣᠳᠣᠨ ᠡᠭᠡᠴᠢ ᠶ᠋ᠢᠨ ᠬᠥᠳᠡᠯᠮᠦᠷᠢ
ᠣᠳᠣᠨ ᠬᠥᠮᠦᠰ ᠦ᠋ᠨ ᠴᠤᠭᠯᠠᠷᠠᠯ ᠠ᠋
ᠰᠤᠳᠠᠯ ᠪᠠᠷᠢᠳᠠᠭ ᠳᠣᠷᠣᠨ᠎ᠠ
ᠰᠤᠳᠤᠷ ᠴᠤᠭᠯᠠᠭᠤᠯᠳᠠᠭ ᠬᠡᠷᠡᠯ᠎ᠡ
ᠰᠣᠶᠣᠯ ᠢ᠋ᠶ᠋ᠠᠨ ᠳᠡᠭᠡᠳᠦᠯᠡᠳᠡᠭ ᠲᠤᠶᠠᠭ᠎ᠠ
ᠰᠤᠷᠤᠭᠰᠠᠨ ᠢ᠋ᠶ᠋ᠠᠨ ᠪᠠᠳᠠᠷᠠᠭᠤᠯᠳᠠᠭ ᠰᠡᠴᠡᠨᠭᠡᠷᠡᠯ
ᠣᠷᠣᠨ ᠤ᠋ ᠲᠥᠪ ᠲᠡᠬᠢ ᠮᠥᠩᠭᠥᠨ
ᠣᠷᠣᠯᠳᠣᠯᠭ᠎ᠠ ᠰᠠᠢᠲᠠᠢ ᠬᠠᠰᠭᠤᠤᠠ
ᠣᠯᠠᠨ ᠠ᠋ᠴᠠ ᠴᠣᠯᠭᠣᠷᠠᠭᠰᠠᠨ ᠤᠯᠠᠭᠠᠨᠴᠡᠴᠡᠭ
ᠣᠨᠴᠠᠭᠠᠢ ᠴᠢᠷᠮᠠᠢᠭᠰᠠᠨ ᠨᠢ ᠡᠩᠬᠡᠮᠡᠨᠳᠤ ᠠ᠋
ᠴᠠᠬᠢᠯᠭᠠᠨ ᠬᠤᠷᠳᠤᠳᠤ ᠣᠮᠣᠭᠣᠯᠠᠩ
ᠴᠠᠢᠯᠭᠠᠨ ᠰᠡᠳᠬᠢᠯ ᠲᠡᠢ ᡀᠮᠵᠠᠪ
ᠴᠠᠭᠠᠪᠤᠷᠢ ᠵᠠᠩ ᠲᠠᠢ ᠲᠦᠮᠡᠨ᠌ᠦ᠌ᠯᠵᠡᠢ
ᠴᠢᠨᠠᠭᠰᠢ ᠪᠠᠨ ᠥᠷᠭᠡᠳᠬᠡᠳᠡᠭ ᠬᠦᠬᠡᠨᠠᠷᠠᠰᠤ
ᠠᠴᠢᠲᠤ ᠪᠠᠭᠰᠢ ᠨᠠᠷᠠᠨ ᠲᠣᠭᠣᠨᠣ
ᠠᠬᠠᠮᠠᠳ ᠮᠠᠯᠴᠢᠨ ᠣᠶᠤᠨᠳᠠᠯᠠᠢ
ᠠᠵᠢᠯᠴᠢ ᠪᠣᠷᠣᠭᠵᠢᠭᠤᠨ ᠠᠯᠲᠠᠨᠳᠤᠶᠠᠭᠠ
ᠠᠭᠠᠰᠢ ᠳᠥᠯᠭᠡᠨ ᠠᠯᠠᠭᠴᠡᠴᠡᠭ
ᠤᠤᠭᠠᠯ ᠰᠣᠶᠣᠯ ᠢ᠋ᠶ᠋ᠠᠨ ᠪᠠᠬᠠᠷᠬᠠᠳᠠᠭ
ᠣᠳᠬᠣᠨᠴᠡᠴᠡᠭ ᠢ᠋ ᠳᠤᠷᠠᠳᠤᠶ᠎ᠠ
ᠤᠬᠠᠭᠠᠨᠲᠤ ᠡᠭᠡᠴᠢ ᠨᠠᠷᠠᠨᠭᠡᠷᠡᠯ ᠢ᠋
ᠣᠨᠴᠠᠭᠠᠢᠯᠠᠵᠤ ᠡᠨᠳᠡ ᠲᠡᠮᠳᠡᠭᠯᠡᠶ᠎ᠡ
ᠠᠵᠠᠵᠠᠶᠠᠭ᠎ᠠ ᠶ᠋ᠢᠨ ᠶᠠᠷᠢᠶ᠎ᠠ ᠨᠢᠭᠡ
ᠡᠩᠬᠡᠵᠢᠷᠭᠠᠯ ᠤ᠋ᠨ ᠲᠠᠢᠯᠤᠮᠵᠢ ᠨᠢᠭᠡ
ᠠᠷᠪᠠᠨ ᠨᠠᠢ᠍ᠮᠠᠳᠤᠭᠠᠷ ᠬᠣᠯᠪᠣᠭ᠎ᠠ ᠮᠢᠨᠢ
ᠠᠪᠢᠶᠠᠰ ᠪᠢᠯᠢᠭᠲᠡᠨ ᠦ᠌ ᠴᠤᠭᠯᠠᠷᠠᠯ ᠠ᠋
ᠡᠷ᠎ᠡ ᠵᠣᠷᠢᠭ ᠤ᠋ᠨ ᠲᠩᠷᠢ ᠲᠡᠢ
ᠡᠵᠡᠨ ᠤᠬᠠᠭᠠᠨ ᠤ᠋ ᠮᠠᠨᠳᠤᠯ ᠲᠠᠢ
ᠡᠩᠬᠡ ᠮᠡᠨᠳᠦ ᠶ᠋ᠢᠨ ᠢᠷᠦᠭᠡᠯ ᠲᠡᠢ
ᠡᠰᠡᠨᠢᠯ ᠬᠥᠭᠵᠢᠯ ᠦ᠋ᠨ ᠡᠬᠢ ᠲᠡᠢ
ᠵᠦᠭ ᠪᠦᠷᠢ ᠡᠴᠡ ᠴᠤᠭᠯᠠᠷᠠᠵᠤ
ᠵᠥᠪ ᠪᠢᠴᠢᠯᠭᠡ ᠶ᠋ᠢᠨ ᠬᠣᠯᠪᠣᠭᠠᠨ ᠳ᠋ᠤ᠌ ᠪᠠᠨ
ᠵᠢᠳᠬᠦᠯ ᠦᠵᠡᠭᠦᠯᠦᠭᠰᠡᠨ ᠲᠠ ᠨᠠᠷ ᠢ᠋ ᠪᠡᠨ
ᠵᠦᠢᠷᠯᠡᠵᠦ ᠬᠡᠯᠡᠭᠡᠳ ᠪᠠᠷᠠᠨ᠎ᠠ ᠤᠤ ᠳᠠ
ᠠᠢᠵᠠᠮ ᠳ᠋ᠣᠺᠲ᠋ᠣᠷ ᠤ᠋ᠨ ᠳᠠᠢᠴᠢᠯᠠᠭᠰᠠᠨ
ᠠᠯᠲᠠᠨ ᠠ᠋ᠴᠠ ᠦᠨᠡᠲᠡᠢ ᠦᠢᠯᠡᠰ ᠢ᠋
ᠠᠭᠤᠤ ᠲᠦᠮᠡᠨ ᠪᠦᠭᠦᠳᠡᠭᠡᠷ ᠢ᠋ᠶ᠋ᠡᠨ
ᠠᠯᠠᠭ ᠳᠡᠯᠡᠬᠡᠢ ᠳ᠋ᠦ᠍ ᠮᠠᠨᠳᠤᠭᠤᠯᠤᠶ᠎ᠠ
