ᠡᠷᠢᠭᠳᠡᠨ᠎ᠡ ᠳᠡ ᠴᠢᠩᠪᠠᠭᠠᠲᠤᠷ ᠮᠢᠨᠢ -ᠵᠢᠨᠱᠠᠨ Эрэгдэнэ да чанбаатар минь-Жиншан ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠢᠭᠳᠡᠨ᠎ᠡ ᠳᠡ ᠴᠢᠩᠪᠠᠭᠠᠲᠤᠷ ᠮᠢᠨᠢ -ᠵᠢᠨᠱᠠᠨ Эрэгдэнэ да чанбаатар минь-Жиншан

ᠡᠷᠢᠭᠳᠡᠨ᠎ᠡ ᠳᠡ ᠴᠢᠩᠪᠠᠭᠠᠲᠤᠷ ᠮᠢᠨᠢ -ᠵᠢᠨᠱᠠᠨ Эрэгдэнэ да чанбаатар минь-Жиншан

2024-09-11

1375

                ᠵᠢᠨᠱᠠᠨ 
ᠠᠶ᠎ᠠ ᠳᠠᠭᠤᠤ ᠲᠠᠢ ᠪᠤᠩᠬᠤᠨ ᠡᠩᠭᠡᠷ ᠦ᠋ᠨ ᠪᠠᠭᠤᠴᠠᠨ ᠨᠢ ᠲᠤᠰᠤᠭᠰᠠᠨ 
ᠠᠯᠳᠠᠷ ᠴᠤᠤ ᠲᠠᠢ ᠬᠤᠪᠢᠯᠭᠠᠨ ᠣᠲᠠᠴᠢ ᠶ᠋ᠢᠨ ᠤᠭᠰᠠᠭᠠᠨ ᠳ᠋ᠤ᠌ ᠵᠠᠶᠠᠭᠠᠭᠰᠠᠨ 
ᠰᠤᠳᠤᠷ ᠲᠡᠦᠬᠡ ᠲᠡᠢ ᠬᠠᠶᠢᠩᠬᠢᠷᠸ᠎ᠠ ᠳ᠋ᠤ᠌ ᠰᠣᠶᠣᠯ ᠤ᠋ᠨ ᠳᠥᠷᠥᠭᠡ ᠮᠢᠯᠢᠶᠠᠭᠰᠠᠨ 
ᠰᠣᠳᠣ ᠪᠢᠯᠢᠭᠲᠦ ᠪᠠᠭᠰᠢ ᠶ᠋ᠢᠨ ᠭᠠᠷ ᠢ᠋ᠶ᠋ᠠᠷ ᠲᠣᠷᠨᠢᠨ ᠪᠣᠢᠵᠢᠭᠰᠠᠨ 

ᠳᠡᠭᠵᠢᠨ ᠵᠢᠪᠬᠤᠭᠠᠲᠤ ᠵᠠᠯᠠᠭᠤ ᠨᠠᠰᠤ ᠴᠢᠨᠢ ᠡᠷᠢᠭᠳᠡᠨ᠎ᠡ ᠳᠡ ᠴᠢᠩᠪᠠᠭᠠᠲᠤᠷ ᠮᠢᠨᠢ 
ᠳᠡᠩᠳᠡᠭᠦᠦ ᠶᠡᠬᠡ ᠠᠪᠢᠶᠠᠰ ᠪᠢᠯᠢᠭ ᠴᠢᠨᠢ ᠰᠠᠨᠠᠭᠳᠠᠨ᠎ᠠ ᠳᠠ ᠴᠢᠩᠪᠠᠭᠠᠲᠤᠷ ᠮᠢᠨᠢ 

ᠪᠠᠯᠴᠢᠷ ᠨᠠᠰᠤᠨ ᠠ᠋ᠴᠠ ᠣᠢ ᠤᠬᠠᠭᠠᠨ ᠴᠡᠴᠡᠨ ᠬᠥᠪᠡᠭᠦᠨ 
ᠪᠠᠭᠰᠢ ᠰᠤᠷᠤᠭᠴᠢᠳ ᠤ᠋ᠨ ᠪᠠᠬᠠᠷᠬᠠᠯ ᠪᠣᠯᠤᠭᠰᠠᠨ ᠰᠣᠳᠣᠨ ᠰᠤᠷᠤᠯᠭᠠᠲᠠᠨ 
ᠪᠠᠷᠠᠭᠤᠨ ᠬᠣᠢᠲᠤ ᠶ᠋ᠢᠨ ᠶᠡᠬᠡ ᠰᠤᠷᠭᠠᠭᠤᠯᠢ ᠠ᠋ᠴᠠ ᠥᠳᠥ ᠰᠥᠳᠥ ᠪᠦᠷᠢᠳᠦᠭᠡᠳ 
ᠪᠠᠶᠠᠨ ᠮᠣᠩᠭᠣᠯ ᠤ᠋ᠨ ᠰᠣᠶᠣᠯ ᠤ᠋ᠨ ᠲᠩᠷᠢ ᠳ᠋ᠦ᠍ ᠵᠢᠭᠦᠷ ᠢ᠋ᠶ᠋ᠡᠨ ᠳᠡᠯᠭᠡᠭᠰᠡᠨ ᠪᠦᠷᠭᠦᠳ 

ᠳᠡᠭᠵᠢᠨ ᠵᠢᠪᠬᠤᠭᠠᠲᠤ ᠵᠠᠯᠠᠭᠤ ᠨᠠᠰᠤ ᠴᠢᠨᠢ ᠡᠷᠢᠭᠳᠡᠨ᠎ᠡ ᠳᠡ ᠴᠢᠩᠪᠠᠭᠠᠲᠤᠷ ᠮᠢᠨᠢ
ᠳᠡᠩᠳᠡᠭᠦᠦ ᠶᠡᠬᠡ ᠠᠪᠢᠶᠠᠰ ᠪᠢᠯᠢᠭ ᠴᠢᠨᠢ ᠰᠠᠨᠠᠭᠳᠠᠨ᠎ᠠ ᠳᠠ ᠴᠢᠩᠪᠠᠭᠠᠲᠤᠷ ᠮᠢᠨᠢ

ᠬᠣᠷᠸ᠎ᠠ ᠳ᠋ᠤ᠌ ᠠᠮᠢᠳᠤᠷᠠᠬᠤ ᠠᠯᠲᠠᠨ ᠬᠣᠷᠣᠮ ᠳ᠋ᠤ᠌ ᠠᠶᠠᠨ ᠤ᠋ ᠬᠣᠯᠠ ᠶ᠋ᠢ ᠬᠥᠭᠡᠭᠡᠭᠰᠡᠨ
ᠬᠣᠪᠣᠷᠬᠠᠨ ᠵᠠᠶᠠᠭᠠᠲᠤ ᠬᠤᠷᠴᠠ ᠤᠬᠠᠭᠠᠨ ᠳ᠋ᠠᠭᠠᠨ ᠠᠴᠢᠶᠠᠨ ᠤ᠋ ᠬᠦᠨᠳᠦ ᠶ᠋ᠢ ᠲᠡᠭᠡᠭᠡᠭᠰᠡᠨ
ᠬᠣᠲᠠᠯᠠ ᠣᠯᠠᠨ ᠤ᠋ ᠰᠡᠳᠬᠢᠯ ᠳ᠋ᠦ᠍ ᠬᠣᠨᠣᠭᠰᠢᠭᠰᠠᠨ ᠣᠮᠣᠭᠰᠢᠯᠲᠤ ᠮᠣᠩᠭᠣᠯ ᠡᠷ᠎ᠡ
ᠬᠣᠯᠠ ᠶ᠋ᠢᠨ ᠲᠩᠷᠢ ᠳ᠋ᠡᠭᠡᠨ ᠰᠤᠪᠤᠷᠠᠨ ᠬᠠᠯᠢᠭᠰᠠᠨ ᠰᠣᠶᠣᠯ ᠤ᠋ᠨ ᠭᠡᠷᠡᠯᠲᠦ ᠣᠳᠣᠨ

ᠳᠡᠭᠵᠢᠨ ᠵᠢᠪᠬᠤᠭᠠᠲᠤ ᠵᠠᠯᠠᠭᠤ ᠨᠠᠰᠤ ᠴᠢᠨᠢ ᠡᠷᠢᠭᠳᠡᠨ᠎ᠡ ᠳᠡ ᠴᠢᠩᠪᠠᠭᠠᠲᠤᠷ ᠮᠢᠨᠢ
ᠳᠡᠩᠳᠡᠭᠦᠦ ᠶᠡᠬᠡ ᠠᠪᠢᠶᠠᠰ ᠪᠢᠯᠢᠭ ᠴᠢᠨᠢ ᠰᠠᠨᠠᠭᠳᠠᠨ᠎ᠠ ᠳᠠ ᠴᠢᠩᠪᠠᠭᠠᠲᠤᠷ ᠮᠢᠨᠢ

ᠬᠠᠶᠢᠭ᠄ ᠬᠥᠪᠡᠭᠡᠲᠦ ᠰᠢᠷ᠎ᠠ ᠬᠤᠰᠢᠭᠤᠨ ᠤ᠋ ᠪᠣᠭᠳᠠ ᠶ᠋ᠢᠨ ᠭᠣᠣᠯ ᠰᠤᠮᠤ

   ᠦᠰᠦᠭ ᠠᠮᠢᠯᠠᠭᠤᠯᠤᠭᠴᠢ᠄ ᠣᠳᠬᠠᠨᠴᠡᠴᠡᠭ
   ᠬᠢᠨᠠᠭᠴᠢ ᠪᠠᠭᠰᠢ᠄ ᠣᠳᠬᠠᠨᠰᠣ᠎ᠠ