ᠦᠨᠦᠷᠲᠦ ᠬᠦᠵᠢҮнэрт Хөж
ᠲᠤᠰ ᠡᠮ ᠪᠣᠯ ᠰᠡᠷᠬᠡᠯᠢᠭ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠦᠨᠦᠷᠲᠦ ᠬᠦᠵᠢ ᠪᠤᠶᠤ ᠬᠠᠯᠪᠠᠭᠠᠨ ᠨᠠᠪᠴᠢᠲᠤ ᠦᠨᠦᠷᠲᠦ ᠬᠦᠵᠢ ᠶ᠋ᠢᠨ ᠦᠨᠳᠦᠰᠦ ᠪᠣᠯᠤᠨ ᠦᠨᠳᠦᠰᠦᠯᠢᠭ ᠡᠰᠢ ᠮᠥᠨ᠃
[ ᠤᠤᠯ ᠤᠷᠭᠤᠮᠠᠯ] 1 ᠦᠨᠦᠷᠲᠦ ᠬᠦᠵᠢ ᠣᠯᠠᠨ ᠨᠠᠰᠤᠲᠤ ᠶᠠᠭᠵᠢᠭᠠᠷ ᠵᠢᠵᠢᠭ ᠤᠷᠭᠤᠮᠠᠯ᠂20—30cm ᠥᠨᠳᠥᠷ᠃ ᠮᠠᠰᠢ ᠶᠡᠬᠡ ᠨᠠᠷᠠᠰᠤᠨ ᠪᠣᠬᠢ ᠶ᠋ᠢᠨ ᠠᠩᠬᠢᠯᠤᠮ᠎ᠠ ᠦᠨᠦᠷ ᠲᠡᠢ᠃ ᠢᠵᠠᠭᠤᠷ ᠤ᠋ᠨ ᠨᠠᠪᠴᠢ ᠨᠢ ᠪᠠᠭᠯᠠᠷᠠᠵᠤ ᠤᠷᠭᠤᠨ᠎ᠠ᠂ ᠨᠠᠪᠴᠢᠨ ᠢᠯᠲᠠᠰᠤ ᠨᠢ ᠨᠠᠷᠢᠨ ᠪᠦᠰᠡᠯᠢᠭ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂7—18cm ᠤᠷᠲᠤ᠂0.4—1cm ᠥᠷᠭᠡᠨ᠂ ᠮᠤᠬᠤᠷ ᠲᠣᠭᠣᠷᠢᠭ ᠦᠵᠦᠭᠦᠷ ᠲᠡᠢ᠂ ᠪᠦᠲᠦᠨ ᠬᠥᠪᠡᠭᠡ ᠲᠡᠢ᠂ ᠨᠠᠪᠴᠢᠨ ᠰᠤᠳᠠᠯ ᠨᠢ ᠲᠣᠳᠣ ᠦᠭᠡᠢ᠂ ᠬᠣᠶᠠᠷ ᠲᠠᠯ᠎ᠠ ᠨᠢ ᠭᠥᠯᠢᠭᠡᠷ᠃ ᠡᠰᠢᠨ ᠳ᠋ᠡᠬᠢ ᠨᠠᠪᠴᠢ ᠨᠢ1—2 ᠬᠣᠣᠰ ᠴᠢᠭᠲᠠᠯᠠᠨ ᠤᠷᠭᠤᠨ᠎ᠠ᠂ ᠪᠠᠷᠢᠭᠤᠯ ᠦᠭᠡᠢ᠃ ᠲᠣᠯᠣᠭᠠᠢ ᠰᠢᠭ᠋ ᠴᠣᠮᠬᠠᠨ ᠪᠠᠭ ᠴᠡᠴᠡᠭ ᠪᠦᠷᠢᠯᠳᠦᠬᠦ ᠪᠥᠭᠡᠳ ᠪᠠᠭ ᠴᠡᠴᠡᠭ ᠦ᠋ᠨ ᠳᠣᠣᠷ᠎ᠠ ᠨᠢ ᠨᠠᠪᠴᠢᠯᠢᠭ ᠤᠷᠲᠤ ᠥᠨᠳᠡᠭᠡᠯᠵᠢᠨ ᠬᠡᠯᠪᠡᠷᠢᠲᠦ2 ᠪᠠᠭᠯᠠᠭᠴᠢ ᠢᠯᠲᠠᠰᠤ ᠲᠠᠢ᠃ ᠴᠡᠴᠡᠭ ᠨᠢ ᠶᠠᠭᠠᠪᠲᠤᠷ ᠤᠯᠠᠭᠠᠨ᠂ ᠤᠭ ᠲᠤᠨᠢ ᠥᠨᠳᠡᠭᠡᠯᠵᠢᠨ ᠬᠡᠯᠪᠡᠷᠢᠲᠦ ᠪᠦᠲᠦᠨ ᠬᠥᠪᠡᠭᠡ ᠪᠦᠬᠦᠢ ᠪᠠᠭᠯᠠᠭᠴᠢ ᠢᠯᠲᠠᠰᠤ3 ᠪᠣᠢ᠃ ᠴᠡᠴᠡᠭ ᠦ᠋ᠨ ᠲᠣᠭᠳᠣᠢ ᠨᠢ ᠵᠢᠵᠢᠭ᠂ ᠴᠡᠴᠡᠭ ᠦ᠋ᠨ ᠳᠡᠯᠪᠢ ᠨᠢ ᠥᠷᠭᠡᠨ ᠬᠣᠭᠣᠯᠠᠢ ᠬᠡᠯᠪᠡᠷᠢ ᠲᠡᠢ᠂ ᠦᠵᠦᠭᠦᠷ ᠨᠢ ᠲᠠᠪᠤᠨ ᠣᠨᠢ ᠲᠠᠢ ᠪᠥᠭᠡᠳ ᠲᠡᠩᠴᠡᠭᠦᠦ ᠪᠤᠰᠤ᠂ ᠰᠡᠵᠢᠭᠦᠷ ᠢᠯᠲᠠᠰᠤ ᠦᠵᠦᠭᠦᠷ ᠨᠢ ᠲᠣᠭᠣᠷᠢᠭ᠃4 ᠡᠷ᠎ᠡ ᠲᠣᠭᠣᠷᠴᠣᠭ ᠲᠠᠢ᠂ ᠳᠣᠬᠢᠭᠤᠷ ᠤ᠋ᠨ ᠶᠡᠬᠡᠩᠬᠢ ᠬᠡᠰᠡᠭ ᠲᠤᠨᠢ ᠦᠰᠦ ᠲᠡᠢ᠂ ᠳᠡᠭᠡᠷ᠎ᠡ ᠬᠡᠰᠡᠭ ᠨᠢ ᠭᠥᠯᠢᠭᠡᠷ᠂ ᠲᠣᠭᠣᠰᠣᠪᠴᠢ ᠨᠢ ᠬᠥᠨᠳᠡᠯᠡᠨ ᠰᠢᠬᠠᠮ ᠪᠠᠢᠷᠢᠯᠠᠨ᠎ᠠ᠃ ᠳᠣᠣᠷᠠᠲᠤ ᠣᠷᠣᠨᠲᠤ ᠤᠮᠠᠢ ᠲᠠᠢ᠂ ᠴᠡᠴᠡᠭ ᠦ᠋ᠨ ᠪᠠᠭᠠᠨ᠎ᠠ ᠨᠢ ᠨᠠᠷᠢᠨ ᠤᠷᠲᠤ᠂ ᠴᠡᠴᠡᠭ ᠦ᠋ᠨ ᠳᠡᠯᠪᠢ ᠡᠴᠡ ᠶᠠᠯᠢᠮ ᠦᠭᠡᠢ ᠴᠤᠬᠤᠢᠵᠤ ᠭᠠᠷᠤᠨ᠎ᠠ᠃ ᠪᠠᠭᠠᠨ᠎ᠠ ᠶ᠋ᠢᠨ ᠠᠮᠠᠰᠠᠷ ᠶᠡᠭᠦᠯᠡᠭᠦᠷ ᠬᠡᠯᠪᠡᠷᠢ ᠲᠡᠢ᠃ ᠲᠤᠷᠠᠩᠬᠠᠢ ᠵᠢᠮᠢᠰ ᠨᠢ ᠲᠣᠩᠭᠣᠷᠤᠤ ᠥᠨᠳᠡᠭᠡᠯᠵᠢᠨ ᠬᠡᠯᠪᠡᠷᠢ ᠲᠡᠢ᠃ ᠨᠢᠭᠡ ᠮᠥᠬᠥᠯᠢᠭ ᠦᠷ᠎ᠡ ᠲᠡᠢ᠂8 ᠳ᠋ᠤᠭᠠᠷ ᠰᠠᠷ᠎ᠠ ᠳ᠋ᠤ᠌ ᠴᠡᠴᠡᠭᠯᠡᠨ᠎ᠡ᠃
2 ᠬᠠᠯᠪᠠᠭᠠᠨ ᠨᠠᠪᠴᠢᠲᠤ ᠦᠨᠦᠷᠲᠦ ᠬᠦᠵᠢ ᠣᠯᠠᠨ ᠨᠠᠰᠤᠲᠤ ᠡᠪᠡᠰᠦᠯᠢᠭ ᠤᠷᠭᠤᠮᠠᠯ᠂15—50cm ᠥᠨᠳᠥᠷ᠃ ᠦᠨᠳᠦᠰᠦᠯᠢᠭ ᠡᠰᠢ ᠨᠢ ᠣᠬᠣᠷ᠂ ᠤᠭ ᠤ᠋ᠨ ᠬᠡᠰᠡᠭ ᠲᠦ᠋ᠨᠢ ᠨᠠᠷᠢᠬᠠᠨ ᠤᠲᠠᠰᠤ ᠰᠢᠭ᠋ ᠤᠯᠠᠪᠤᠷ ᠥᠩᠭᠡ ᠲᠡᠢ ᠨᠠᠪᠴᠢᠨ ᠢᠵᠠᠭᠤᠷ ᠤ᠋ᠨ ᠰᠢᠷᠬᠡᠭ ᠮᠥᠩᠬᠡ ᠣᠷᠣᠰᠢᠨ᠎ᠠ᠃ ᠨᠠᠪᠴᠢ ᠨᠢ ᠪᠤᠲᠠᠯᠠᠨ ᠤᠷᠭᠤᠨ᠎ᠠ᠃ ᠨᠠᠪᠴᠢᠨ ᠢᠯᠲᠠᠰᠤ ᠨᠢ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ ᠪᠤᠶᠤ ᠤᠷᠲᠤ ᠬᠠᠯᠪᠠᠭᠠᠨ ᠬᠡᠯᠪᠡᠷᠢ ᠲᠡᠢ᠂ ᠮᠤᠬᠤᠷ ᠲᠣᠭᠣᠷᠢᠭ ᠦᠵᠦᠭᠦᠷ ᠲᠡᠢ᠂ ᠳᠤᠮᠳᠠ ᠠ᠋ᠴᠠ ᠳᠣᠷᠣᠭᠰᠢ ᠬᠡᠰᠡᠭ ᠨᠢ ᠨᠠᠷᠢᠰᠴᠤ ᠨᠠᠪᠴᠢᠨ ᠪᠠᠷᠢᠭᠤᠯ ᠰᠢᠭ᠋ ᠪᠣᠯᠳᠠᠭ᠂ ᠪᠦᠲᠦᠨ ᠬᠥᠪᠡᠭᠡ ᠲᠡᠢ᠂ ᠵᠤᠷᠪᠤᠰ ᠨᠠᠪᠴᠢᠨ ᠰᠤᠳᠠᠯ ᠲᠠᠢ᠂ ᠴᠣᠮᠬᠠᠨ ᠪᠠᠭ ᠴᠡᠴᠡᠭ ᠰᠢᠭ᠌ ᠲᠣᠯᠣᠭᠠᠢ ᠬᠡᠯᠪᠡᠷᠢᠲᠦ ᠪᠠᠭ ᠴᠡᠴᠡᠭ ᠲᠡᠢ᠃ ᠴᠡᠴᠡᠭ ᠦ᠋ᠨ ᠡᠰᠢᠨ ᠳᠡᠭᠡᠷ᠎ᠡ ᠨᠢ ᠨᠠᠪᠴᠢᠯᠢᠭ ᠶᠡᠷᠦᠩᠬᠡᠢ ᠪᠠᠭᠯᠠᠭᠴᠢ ᠢᠯᠲᠠᠰᠤ2 ᠪᠣᠢ ᠪᠥᠭᠡᠳ ᠬᠠᠪᠲᠠᠭᠠᠢ ᠲᠡᠪᠡᠨᠡ ᠬᠡᠯᠪᠡᠷᠢ ᠲᠡᠢ᠃ ᠴᠡᠴᠡᠭ ᠦ᠋ᠨ ᠡᠰᠢ ᠶ᠋ᠢᠨ ᠬᠣᠶᠠᠷ ᠬᠠᠵᠠᠭᠤ ᠪᠠᠷ ᠨᠢ2 ᠮᠥᠷ ᠲᠡᠭᠰᠢ ᠬᠡᠮᠲᠡᠢ ᠴᠠᠭᠠᠨ ᠥᠩᠭᠡᠲᠡᠢ ᠣᠬᠣᠷ ᠦᠰᠦ ᠲᠡᠢ᠃ ᠴᠡᠴᠡᠭ ᠦ᠋ᠨ ᠳᠡᠯᠪᠢ ᠨᠢ ᠥᠷᠭᠡᠨ ᠭᠤᠤᠷᠰᠤᠯᠢᠭ᠂ ᠶᠠᠭᠠᠪᠲᠤᠷ ᠤᠯᠠᠭᠠᠨ᠂ ᠴᠡᠴᠡᠭ ᠦ᠋ᠨ ᠲᠣᠭᠳᠣᠢ ᠲᠠᠪᠤᠨ ᠠᠷᠠᠭᠠᠲᠤ ᠣᠨᠢ ᠲᠠᠢ᠃ ᠲᠤᠷᠠᠩᠬᠠᠢ ᠵᠢᠮᠢᠰ ᠨᠢ ᠲᠣᠩᠭᠣᠷᠤᠤ ᠥᠨᠳᠡᠭᠡᠯᠵᠢᠨ ᠪᠤᠶᠤ ᠬᠠᠪᠲᠠᠭᠠᠢ ᠬᠡᠯᠪᠡᠷᠢ ᠲᠡᠢ᠃
[ ᠤᠷᠭᠤᠬᠤ ᠣᠷᠴᠢᠨ ᠬᠢᠭᠡᠳ ᠲᠠᠷᠬᠠᠴᠠ] ᠦᠨᠦᠷᠲᠦ ᠬᠦᠵᠢ ᠶᠡᠷᠦ ᠳ᠋ᠡᠭᠡᠨ ᠲᠠᠭ ᠤ᠋ᠨ ᠪᠡᠯᠴᠢᠭᠡᠷ ᠲᠦ᠍ ᠤᠷᠭᠤᠨ᠎ᠠ᠃ ᠪᠠᠷᠠᠭᠤᠨ ᠡᠮᠦᠨᠡᠲᠦ ᠣᠷᠣᠨ᠂ ᠲᠥᠪᠡᠳ ᠲᠦ᠍ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠬᠠᠪᠤᠷ᠂ ᠨᠠᠮᠤᠷ ᠪᠦᠷ ᠲᠡᠭᠦᠵᠦ ᠪᠣᠯᠤᠨ᠎ᠠ᠃ ᠨᠠᠮᠤᠷ ᠠᠪᠤᠭᠰᠠᠨ ᠨᠢ ᠴᠢᠨᠠᠷ ᠰᠠᠢᠲᠠᠢ᠃ ᠮᠠᠯᠲᠠᠨ ᠠᠪᠤᠭᠰᠠᠨ ᠤ᠋ ᠰᠡᠭᠦᠯᠡᠷ ᠰᠢᠪᠠᠷ ᠰᠢᠷᠣᠢ᠂ ᠦᠯᠡᠳᠡᠭᠳᠡᠯ ᠡᠰᠢ ᠪᠣᠯᠤᠨ ᠰᠠᠬᠠᠯ ᠦᠨᠳᠦᠰᠦ ᠶ᠋ᠢ ᠨᠢ ᠠᠷᠢᠯᠭᠠᠭᠠᠳ᠂ ᠨᠠᠷᠠᠨ ᠳ᠋ᠤ᠌ ᠬᠠᠲᠠᠭᠠᠬᠤ ᠪᠤᠶᠤ ᠰᠡᠭᠦᠳᠡᠷ ᠲᠦ᠍ ᠬᠠᠲᠠᠭᠠᠨ᠎ᠠ᠃ ᠤᠬᠢᠶᠠᠵᠤ ᠪᠣᠯᠬᠤ ᠦᠭᠡᠢ᠃
[ ᠠᠮᠲᠠ᠂ ᠴᠢᠨᠠᠷ᠂ ᠡᠷᠳᠡᠮ] ᠠᠮᠲᠠᠯᠢᠭ᠂ ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠃ ᠬᠥᠩᠭᠡᠨ᠂ ᠰᠢᠩᠭᠡᠨ᠂ ᠮᠣᠬᠣᠳᠠᠭ᠂ ᠡᠶᠡᠯᠳᠡᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠵᠤ᠂ ᠬᠣᠣᠷ ᠢ᠋ ᠲᠠᠢᠯᠬᠤ᠂ ᠲᠠᠢᠳᠬᠤᠷᠠᠭᠤᠯᠬᠤ᠂ ᠬᠠᠪᠤᠳᠠᠷ ᠢ᠋ ᠠᠷᠢᠯᠭᠠᠬᠤ᠂ ᠡᠪᠡᠳᠬᠦ ᠶ᠋ᠢ ᠵᠣᠭᠰᠣᠭᠠᠬᠤ ᠴᠢᠳᠠᠯ ᠲᠠᠢ᠃ ᠬᠣᠣᠷ ᠤ᠋ᠨ ᠬᠠᠯᠠᠭᠤᠨ᠂ ᠬᠠᠭᠤᠴᠢᠷᠠᠭᠰᠠᠨ ᠬᠠᠯᠠᠭᠤᠨ᠂ ᠵᠢᠷᠦᠬᠡ ᠲᠦᠭᠰᠢᠬᠦ᠂ ᠨᠣᠢᠷ ᠬᠤᠯᠵᠢᠬᠤ᠂ ᠰᠡᠳᠬᠢᠯ ᠦ᠋ᠨ ᠡᠪᠡᠳᠴᠢᠨ᠂ ᠤᠨᠠᠳᠠᠭ ᠡᠪᠡᠳᠴᠢᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄1 甘松 2 匙叶甘松
ᠠᠩᠭ᠌ᠯᠢ ᠨᠡᠷ᠎ᠡ᠄1 Nardostachys chinensis BataL 2 Nardostachys jatamansi Dc
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠥᠯᠵᠢᠢᠪᠠᠭᠠᠲᠤᠷ
