ᠴᠠᠰᠤᠨ ᠤ᠋ ᠢᠨᠢᠶᠡᠳᠦ - ᠨᠢᠮᠡᠵᠢ ᠶ᠋ᠢᠨ ᡀᠠᠭᠪᠠ Цасны инээд
ᠨᠢᠮᠡᠵᠢ ᠶ᠋ᠢᠨ ᡀᠠᠭᠪᠠ
ᠭᠠᠵᠠᠷ ᠠ᠋ᠴᠠ ᠣᠳᠣ ᠬᠠᠷᠪᠤᠬᠤ ᠮᠡᠲᠦ
ᠭᠠᠷ ᠠ᠋ᠴᠠ ᠴᠠᠰᠤ ᠵᠤᠯᠠᠷᠠᠨᠠ᠃
ᠤᠯᠠᠭ᠎ᠠ ᠪᠤᠲᠠᠷᠠᠭᠰᠠᠨ ᠬᠡᠦᠬᠡᠳ ᠦ᠋ᠳ ᠦ᠋ᠨ
ᠤᠬᠢᠯᠠᠭᠰᠠᠨ ᠨᠢ ᠢᠨᠢᠶᠡᠳᠦᠨ ᠳ᠋ᠡᠭᠡᠨ ᠳᠠᠷᠤᠭᠳᠠᠨ᠎ᠠ᠃
ᠠᠯᠠᠭᠠᠨ ᠳ᠋ᠠᠭᠠᠨ ᠪᠥᠮᠪᠥᠢᠯᠭᠡᠬᠦ ᠴᠠᠰᠤᠨ ᠳ᠋ᠤ᠌
ᠢᠨᠢᠶᠡᠳᠦ ᠪᠣᠭᠣᠵᠤ ᠬᠠᠷᠠᠭᠳᠠᠨ᠎ᠠ᠃
ᠠᠭᠠᠷ ᠲᠤ᠌ ᠳᠡᠭᠦᠯᠢᠬᠦ ᠴᠠᠰᠤ
ᠢᠨᠢᠶᠡᠳᠦ ᠲᠡᠭᠡᠭᠡᠵᠦ ᠣᠳᠤᠨ᠎ᠠ᠃
ᠴᠠᠰᠤᠨ ᠪᠥᠮᠪᠥᠯᠢᠭ
ᠬᠡᠨ ᠨᠢᠭᠡᠨ ᠢ᠋ ᠨᠢ ᠤᠨᠤᠬᠤ ᠳ᠋ᠤ᠌
ᠴᠠᠪ ᠴᠠᠭᠠᠬᠠᠨ
ᠢᠨᠢᠶᠡᠳᠦ ᠪᠣᠯᠤᠨ ᠵᠠᠳᠠᠷᠠᠨ᠎ᠠ᠃
1994 ᠣᠨ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
ᠬᠢᠨᠠᠭᠴᠢ᠄ ᠣᠳᠬᠠᠨᠰᠣ᠎ᠠ
