ᠴᠠᠭᠠᠨ ᠰᠢᠭᠦᠳᠡᠷᠢ – ᠶᠣᠨᠳᠣᠨ ᠤ ᠪᠢᠯᠢᠭ᠌ - ᠪᠠᠭᠠᠲᠤᠷ Цагаан сүүдэр – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭᠠᠨ ᠰᠢᠭᠦᠳᠡᠷᠢ – ᠶᠣᠨᠳᠣᠨ ᠤ ᠪᠢᠯᠢᠭ᠌ - ᠪᠠᠭᠠᠲᠤᠷ Цагаан сүүдэр – Ёндоны Билиг - Баатар

ᠴᠠᠭᠠᠨ ᠰᠢᠭᠦᠳᠡᠷᠢ – ᠶᠣᠨᠳᠣᠨ ᠤ ᠪᠢᠯᠢᠭ᠌ - ᠪᠠᠭᠠᠲᠤᠷ Цагаан сүүдэр – Ёндоны Билиг - Баатар

2024-09-07

359

ᠴᠠᠭᠠᠨ ᠰᠢᠭᠦᠳᠡᠷᠢ


 ᠪᠤᠷᠬᠠᠨ ᠤ᠋ ᠮᠡᠯᠮᠡᠢ ᠶ᠋ᠢᠨ ᠰᠢᠭᠦᠳᠡᠷᠢ ᠬᠡᠮᠡᠬᠦ 
 ᠪᠤᠭᠤᠷᠤᠯ ᠡᠵᠢ ᠳ᠋ᠡᠭᠡᠨ ᠵᠣᠷᠢᠭᠤᠯᠤᠭᠰᠠᠨ- 
 ᠪᠣᠯᠪᠠᠰᠤᠨ ᠭᠠᠯᠵᠠᠭᠤᠬᠠᠨ ᠭᠠᠯᠪᠠ ᠳ᠋ᠤ᠌ ᠦᠭᠡᠢ 
 ᠪᠣᠯᠪᠠᠰᠤᠷᠠᠭᠠᠳᠤᠢ ᠭᠠᠭᠴᠠ ᠲᠡᠭᠦᠪᠦᠷᠢ ᠲᠡᠢ ᠪᠢ 
 ᠶᠠᠳᠠᠷᠠᠵᠤ ᠶᠠᠳᠠᠭᠤᠷᠠᠬᠤ ᠳ᠋ᠠᠭᠠᠨ ᠯᠠ ᠶᠠᠭ ᠪᠢᠰᠢ 
 ᠶᠠᠪᠠᠭᠠᠨ ᠰᠢᠭᠤᠷᠭ᠎ᠠ ᠰᠢᠭ᠋ ᠬᠡᠢᠰᠦᠭᠡᠳ ᠯᠡ 
 ᠶᠠᠪᠤᠭᠠᠨ ᠳ᠋ᠠᠭᠠᠨ ᠠᠬᠢᠵᠤ ᠨᠣᠮ ᠬᠡᠪᠯᠡᠭᠡᠳᠦᠢ 
 ᠢᠷᠠᠭᠤ ᠨᠠᠢᠷᠠᠭ ᠢ᠋ᠶ᠋ᠠᠨ ᠪᠦᠲᠦᠭᠡᠭᠰᠡᠭᠡᠷ ᠯᠡ 
 ᠣᠷᠴᠢᠯᠠᠩᠯᠢᠭ ᠤᠯᠠᠷᠢᠯ ᠤ᠋ᠨ ᠵᠢᠮ᠎ᠡ ᠪᠡᠷ ᠢ᠋ᠶ᠋ᠡᠨ 
 ᠥᠨᠥᠳᠥᠷ ᠨᠠᠮᠤᠷ ᠤ᠋ᠨ ᠴᠠᠭᠠᠨ ᠰᠢᠭᠦᠳᠡᠷᠢ 
 ᠡᠪᠦᠭᠡᠨ ᠮᠢᠨᠦ ᠴᠡᠯ ᠪᠤᠭᠤᠷᠤᠯ ᠲᠣᠯᠣᠭᠠᠢ ᠰᠢᠭ᠋ 
 ᠥᠷᠯᠥᠭᠡ ᠡᠷᠲᠡᠭᠦᠷ ᠳᠡᠯᠡᠬᠡᠢ ᠶ᠋ᠢ ᠳᠡᠷᠡᠯᠡᠪᠡᠢ᠃ 
 ᠠᠯᠲᠠᠨ ᠨᠣᠬᠠᠢ ᠪᠠᠨ ᠬᠥᠲᠥᠯᠦᠭᠡᠳ ᠯᠡ 
 ᠠᠯᠠᠭ ᠴᠡᠴᠡᠭᠡᠰ ᠦ᠋ᠨ ᠳᠡᠷᠭᠡᠳᠡᠭᠦᠷ ᠠᠯᠬᠤᠯᠠᠭᠠᠳ 
 ᠠᠷᠤᠤᠬᠠᠨ ᠬᠥᠳᠡᠭᠡᠬᠡᠨ ᠨᠤᠲᠤᠭ ᠢ᠋ᠶ᠋ᠠᠨ ᠪᠣᠳᠣᠵᠤ 
 ᠠᠪᠤ ᠡᠵᠢ ᠶ᠋ᠢ ᠪᠡᠨ ᠦᠭᠡᠢᠯᠡᠬᠦᠶ᠎ᠡ ᠁  
  ᠁ ᠠᠶ᠎ᠠ ᠮᠢᠨᠦ ᠮᠠᠯᠴᠢᠨ ᠲᠠᠷᠢᠶᠠᠴᠢᠳ 
 ᠡᠪᠡᠰᠦ ᠬᠠᠳᠤᠯᠠᠩ ᠳ᠋ᠠᠭᠠᠨ ᠶᠠᠭᠠᠷᠠᠭ᠎ᠠ ᠤᠤ 
 ᠲᠠᠷᠢᠶ᠎ᠠ ᠲᠥᠮᠥᠰᠥ ᠳ᠋ᠡᠭᠡᠨ ᠳᠡᠷᠪᠡᠭᠡ ᠤᠤ 
 ᠡᠷᠡᠮᠪᠡ ᠲᠠᠷᠠᠮ ᠢ᠋ᠶ᠋ᠠᠨ ᠠᠯᠳᠠᠭ᠎ᠠ ᠦᠭᠡᠢ ᠤᠤ 
 ᠁  ᠶᠠᠭᠠᠷᠠᠯᠭᠦᠢ ᠶᠠᠭᠠᠬᠢᠬᠤᠪ ᠳᠧ ᠵᠦᠢ 
 ᠶᠠᠮᠠᠷ ᠨᠠᠳᠠ ᠰᠢᠭ᠋ ᠵᠠᠯᠬᠠᠭᠤ ᠬᠥᠮᠦᠰ ᠪᠢᠰᠢ ᠠ᠋ 
 ᠡᠨᠡᠬᠡᠨ ᠦᠶ᠎ᠡ ᠳ᠋ᠦ᠍ ᠢᠩᠭᠢᠵᠦ ᠶᠠᠭᠠᠷᠠᠬᠤ ᠨᠢ 
 ᠡᠴᠦᠨᠡᠨ ᠮᠢᠩᠭᠠᠨ ᠵᠢᠯ ᠦᠷᠭᠦᠯᠵᠢᠯᠡᠭᠰᠡᠨ ᠠ᠋ 
 ᠴᠠᠭᠠᠨ ᠰᠢᠭᠦᠳᠡᠷᠢ ᠶ᠋ᠢ ᠥᠯᠮᠡᠢᠳᠡᠭᠡᠳ ᠯᠡ 
 ᠴᠠᠭ ᠤ᠋ᠨ ᠰᠠᠯᠬᠢ ᠶ᠋ᠢ ᠬᠥᠭᠡᠮᠡᠢᠳᠡᠭᠡᠳ ᠯᠡ 
 ᠴᠠᠭᠠᠨ ᠰᠦᠨ ᠰᠢᠭ ᠡᠭᠡᠯ ᠵᠢᠷ ᠦ᠋ᠨ ᠬᠥᠮᠦᠰ 
 ᠴᠠᠭ ᠤ᠋ᠨ ᠬᠤᠷ᠎ᠠ ᠶ᠋ᠢ ᠬᠤᠷᠤᠢᠯᠠᠳᠠᠭ ᠡᠷᠴᠢᠰ 
 ᠲᠡᠭᠷᠢ ᠶ᠋ᠢᠨ ᠬᠠᠲᠠᠪᠴᠢᠨ ᠠ᠋ᠴᠠ ᠣᠢᠷᠠᠬᠠᠨ 
 ᠲᠡᠮᠡᠭᠡᠨ ᠪᠦᠬᠦᠨ ᠡᠴᠡ ᠨᠠᠷᠠ ᠣᠢᠷᠠᠬᠠᠨ 
 ᠲᠡᠭᠷᠢ ᠨᠠᠷᠠ ᠬᠣᠶᠠᠭᠤᠯᠠ ᠠ᠋ᠴᠠ ᠣᠢᠷᠠᠬᠠᠨ 
 ᠲᠠ ᠪᠦᠬᠦᠨ ᠳ᠋ᠦ᠍ ᠮᠡᠬᠦᠢᠨ ᠶᠣᠰᠣᠯᠠᠰᠤᠭᠠᠢ 
 ᠨᠠᠷᠠ ᠬᠤᠷ᠎ᠠ ᠰᠠᠯᠬᠢ ᠲᠠᠨᠠᠷ ᠦᠭᠡᠢ ᠪᠡᠷ 
 ᠨᠠᠷᠮᠠᠢ ᠳᠠᠶᠠᠭᠠᠷ ᠢ᠋ᠶ᠋ᠠᠨ ᠣᠷᠣᠰᠢᠵᠤ ᠴᠢᠳᠠᠬᠤ ᠤᠤ 
 ᠨᠠᠮ ᠲᠥᠷᠥ ᠪᠦᠬᠦᠯᠢ ᠨᠡᠢᠭᠡᠮ ᠢ᠋ᠶ᠋ᠡᠷ ᠢ᠋ᠶ᠋ᠡᠨ 
 ᠨᠠᠰᠤᠨ ᠥᠨᠳᠥᠷ ᠵᠢᠷᠭᠠᠵᠤ ᠳᠡᠢᠯᠬᠦ ᠤᠤ ᠳᠠ  

          2024᠂ 09᠂ 07᠃  15᠄ 05 ᠮᠢᠨᠦ᠋ᠲ ᠃
           ᠬᠥᠬᠡᠬᠣᠲᠠ ᠶ᠋ᠢᠨ ᠨᠡᠢᠲᠡ ᠶ᠋ᠢᠨ ᠮᠠᠰᠢᠨ ᠳᠡᠭᠡᠷ᠎ᠡ 
           ᠭᠡᠷ ᠢ᠋ᠶ᠋ᠡᠨ ᠵᠣᠷᠢᠬᠤ ᠬᠣᠭᠣᠷᠣᠨᠳᠣ 
           ᠵᠢᠷᠭᠢᠭᠡᠨ ᠡᠴᠡ ᠴᠠᠭᠠᠨ ᠰᠢᠭᠦᠳᠡᠷᠢ ᠣᠷᠣᠬᠤᠢ ᠶ᠋ᠢ 
           ᠭᠡᠨᠡᠳᠲᠡᠬᠡᠨ ᠮᠡᠳᠡᠭᠡᠳ ᠪᠦᠲᠦᠭᠡᠪᠡᠢ᠃