ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠬᠣᠶᠠᠷ) Сэрүүхэн тал нутаг–<свис> Вальтер Босгард (Walter Bosshard)- Дөрөвдүгээр бөлөг 12 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠬᠣᠶᠠᠷ) Сэрүүхэн тал нутаг–<свис> Вальтер Босгард (Walter Bosshard)- Дөрөвдүгээр бөлөг 12

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠬᠣᠶᠠᠷ) Сэрүүхэн тал нутаг–<свис> Вальтер Босгард (Walter Bosshard)- Дөрөвдүгээр бөлөг 12

ᠠᠩᠭᠢᠯᠠᠯ:ᠲᠤᠭᠤᠵᠢ ᠷᠣᠮᠠᠨ
2024-09-07

236

ᠠᠷᠪᠠᠨ ᠬᠣᠶᠠᠷ ᠂ ᠬᠦᠩ ᠦ᠋ᠨ ᠣᠷᠳᠣᠨ - ᠴᠠᠭᠠᠨ ᠬᠦᠷᠢᠶᠡᠨ ᠦ᠌ ᠰᠦᠮ᠎ᠡ


       ᠬᠦᠩ ᠦ᠋ᠨ ᠣᠷᠳᠣᠨ - ᠴᠠᠭᠠᠨ ᠬᠦᠷᠢᠶᠡᠨ ᠦ᠌ ᠰᠤᠮ᠎ᠡ ᠶᠡᠷᠦ ᠪᠤᠰᠤ ᠶ᠋ᠢᠨ ᠨᠠᠮᠵᠢᠭᠤᠭᠠᠨ ᠪᠠᠢᠪᠠ᠃ ᠵᠢᠯ ᠪᠣᠯᠭᠠᠨ ᠤ᠋ ᠵᠤᠨ ᠪᠡᠭᠡᠵᠢᠩ ᠲᠢᠶᠠᠨᠵᠢᠨ ᠠ᠋ᠴᠠ ᠵᠠᠯᠠᠭᠳᠠᠨ ᠮᠣᠷᠢᠯᠠᠨ ᠰᠠᠭᠠᠲᠠᠳᠠᠭ ᠮᠣᠩᠭᠣᠯ ᠤ᠋ᠨ ᠬᠦᠩ ᠦ᠋ᠨ ᠣᠯᠠᠨ ᠨᠡᠢᠵᠡᠳ ᠨᠢ ᠥᠨᠥ ᠵᠢᠯ ᠴᠥᠮ ᠲᠡᠨᠳᠡ ᠪᠡᠨ ᠬᠣᠴᠣᠷᠴᠠᠢ᠃ ᠶᠠᠪᠤᠨᠴᠤᠳ ᠤ᠋ᠨ ᠵᠠᠷᠯᠢᠭ ᠢ᠋ᠶ᠋ᠠᠷ ᠠᠯᠢᠪᠠ ᠬᠠᠷᠢ ᠶ᠋ᠢᠨ ᠬᠥᠮᠦᠨ ᠰᠠᠭᠤᠯᠭᠠᠭᠰᠠᠨ ᠮᠠᠰᠢᠨ ᠲᠡᠷᠭᠡ ᠶ᠋ᠢ ᠸᠠᠨ ᠽᠤᠸᠠᠨ ᠰᠢᠶᠠᠨ ᠤ᠋ ᠳᠠᠪᠠᠭ᠎ᠠ ᠳᠡᠭᠡᠷ᠎ᠡ - ᠬᠠᠭᠤᠴᠢᠨ ᠴᠠᠭᠠᠨ ᠬᠡᠷᠡᠮ ᠦ᠋ᠨ ᠬᠥᠯ ᠳᠣᠣᠷ᠎ᠠ ᠨᠢᠭᠡᠳ ᠨᠢᠭᠡ ᠪᠡᠷ ᠪᠠᠢᠴᠠᠭᠠᠨ ᠰᠢᠯᠭᠠᠬᠤ ᠶᠣᠰᠣᠲᠠᠢ ᠪᠠᠢᠵᠤ ᠂ ᠮᠥᠨ ᠲᠡᠨᠳᠡ ᠡᠴᠡ ᠪᠦᠬᠦᠨ ᠢ᠋ᠶ᠋ᠡᠷ ᠢ᠋ᠶ᠋ᠡᠨ ᠴᠢᠭᠤᠯᠤᠯᠲᠤ ᠬᠠᠭᠠᠯᠭ᠎ᠠ ᠤᠷᠤᠭᠤ ᠪᠤᠴᠠᠭᠠᠭᠳᠠᠪᠠ᠃ ᠲᠡᠭᠡᠭᠡᠳ ᠪᠢᠳᠡ ᠭᠠᠳᠠᠨᠠᠬᠢ ᠶᠢᠷᠲᠢᠨᠴᠦ ᠡᠴᠡ ᠲᠤᠰᠠᠭᠠᠷᠯᠠᠭᠳᠠᠵᠤ᠂ ᠵᠥᠪᠬᠡᠨ ᠨᠠᠭᠠᠰᠢ ᠴᠠᠭᠠᠰᠢ ᠠᠶᠠᠯᠠᠭᠴᠢ ᠮᠣᠩᠭᠣᠯᠴᠤᠳ ᠯᠠ ᠵᠥᠩᠳᠡᠭᠡᠨ ᠠᠢᠯᠴᠢᠯᠠᠨ ᠢᠷᠡᠵᠦ ᠲᠡᠳᠡᠨ ᠦ᠌ ᠦᠵᠡᠭᠰᠡᠨ ᠰᠣᠨᠣᠰᠤᠭᠰᠠᠨ ᠢ᠋ᠶ᠋ᠠᠨ ᠪᠢᠳᠡᠨ ᠳ᠋ᠦ᠍ ᠳᠣᠭᠣᠯᠭᠠᠳᠠᠭ ᠪᠣᠯᠪᠠ᠃ 
       ᠰᠥᠨᠢᠳ ᠸᠠᠩ ᠤ᠋ᠨ ᠰᠢᠨ᠎ᠡ ᠲᠥᠪ ᠵᠠᠪᠰᠠᠷ ᠲᠤ᠌ ᠶᠡᠬᠡ ᠴᠡᠷᠢᠭ ᠠᠩᠭᠢ ᠪᠠᠢᠭᠤᠯᠤᠭᠳᠠᠪᠠ᠃ ᠲᠥᠷᠥ ᠶ᠋ᠢᠨ ᠠᠯᠪᠠᠲᠠᠳ ᠳᠥᠷᠪᠡᠨ ᠵᠦᠭ ᠲᠦ᠍ ᠳᠠᠪᠬᠢᠯᠳᠤᠨ ᠴᠡᠷᠢᠭ ᠡᠯᠰᠡᠵᠦ ᠣᠯᠠᠨ ᠵᠠᠯᠠᠭᠤᠴᠤᠳ ᠢ᠋ ᠡᠨᠡᠬᠦ ᠲᠠᠯ᠎ᠠ ᠨᠤᠲᠤᠭ ᠤ᠋ᠨ ᠬᠣᠪᠣᠷᠬᠠᠨ ᠬᠣᠲᠠ ᠳ᠋ᠤ᠌ ᠴᠤᠭᠯᠠᠭᠤᠯᠪᠠ᠃ ᠡᠨᠡ ᠬᠦ᠌ ᠭᠡᠨᠡᠳᠲᠡ ᠶ᠋ᠢᠨ ᠬᠥᠮᠦᠨ ᠠᠮᠠ ᠶ᠋ᠢᠨ ᠨᠡᠮᠡᠭᠳᠡᠯ ᠡᠴᠡ ᠪᠣᠯᠵᠤ ᠡᠨᠳᠡᠬᠢ ᠢᠳᠡᠰᠢ ᠤᠤᠭᠤᠰᠢᠨ ᠤ᠋ ᠠᠰᠠᠭᠤᠳᠠᠯ ᠢ᠋ ᠪᠣᠢ ᠪᠣᠯᠭᠠᠭᠰᠠᠨ ᠪᠠᠢᠨ᠎ᠠ᠃ ᠮᠢᠨᠦ ᠬᠠᠭᠤᠴᠢᠨ ᠨᠠᠢᠵᠠ ᠳ᠋ᠢᠯᠸ᠎ᠡ ᠬᠤᠲᠤᠭᠲᠤ ᠨᠢᠭᠡᠨᠲᠡ ᠵᠠᠩᠵᠤᠨ ᠡᠷᠭᠦᠮᠵᠢᠯᠡᠭᠳᠡᠵᠦ᠂ ᠪᠠᠷᠠᠭᠤᠨ ᠬᠡᠰᠡᠭ ᠦ᠋ᠨ ᠤᠷᠠᠳ ᠨᠤᠲᠤᠭ ᠠ᠋ᠴᠠ ᠲᠡᠮᠴᠦᠭᠳᠦᠩᠷᠣᠪ ᠨᠣᠶᠠᠨ ᠳ᠋ᠤ᠌ 5000 ᠴᠡᠷᠢᠭ ᠦ᠋ᠨ ᠠᠭᠲᠠ ᠬᠤᠳᠠᠯᠳᠤᠨ ᠠᠪᠴᠢᠷᠠᠬᠤ ᠡᠭᠦᠷᠭᠡ ᠶ᠋ᠢ ᠬᠦᠯᠢᠶᠡᠨ ᠠᠪᠤᠭᠰᠠᠨ ᠪᠠᠢᠨ᠎ᠠ᠃ 
       - ᠲᠡᠮᠴᠦᠭᠳᠦᠩᠷᠣᠪ ᠨᠣᠶᠠᠨ ᠬᠠᠮᠢᠭ᠎ᠠ ᠠ᠋ᠴᠠ ᠡᠢᠮᠦ ᠠᠷᠪᠢᠨ ᠮᠥᠩᠭᠥ ᠣᠯᠤᠭᠰᠠᠨ ᠪᠣᠯ? ᠭᠡᠵᠦ ᠨᠠᠮᠠᠶ᠋ᠢ ᠮᠣᠩᠭᠣᠯᠴᠤᠳ ᠠ᠋ᠴᠠ ᠠᠰᠠᠭᠤᠬᠤ ᠪᠠᠷ : 
       - ᠶᠠᠫᠣᠨᠴᠤᠳ ᠲᠡᠭᠦᠨ ᠳ᠋ᠦ᠍ 100 ᠲᠦᠮᠡᠨ ᠶᠸᠨ ᠵᠢᠭᠡᠯᠡᠭᠦᠯᠵᠦ ᠥᠭ᠍ᠭᠦᠭ᠍ᠰᠡᠨ ᠢ᠋ ᠴᠢ ᠮᠡᠳᠡᠬᠦ ᠦᠭᠡᠢ ᠶᠦᠮ ᠤᠤ? ᠡᠨᠡ ᠬᠦ᠌ ᠮᠥᠩᠭᠥ ᠳ᠋ᠡᠭᠡᠨ ᠶᠡᠬᠡᠩᠬᠢ ᠶ᠋ᠢ ᠨᠢ ᠵᠠᠷ ᠵᠡᠪᠰᠡᠭ ᠂ ᠳᠠᠷᠢ ᠰᠤᠮᠤ ᠂ ᠨᠢᠰᠬᠡᠯ ᠂ ᠮᠠᠰᠢᠨ ᠲᠡᠷᠭᠡ ᠵᠡᠷᠭᠡ ᠶᠠᠭᠤᠮ᠎ᠠ ᠥᠭᠭᠦᠭᠰᠡᠨ᠃ ᠡᠭᠦᠨ ᠡᠴᠡ ᠭᠠᠳᠠᠨ᠎ᠠ ᠡᠳᠦᠢ ᠲᠡᠳᠦᠢ ᠪᠡᠯᠡᠨ ᠮᠥᠩᠭᠥ ᠴᠦ᠍ ᠥᠭᠭᠦᠭᠰᠡᠨ ᠪᠠᠢᠬ᠎ᠠ ᠭᠡᠨ᠎ᠡ᠃ 
       ᠡᠨᠡ ᠴᠦ᠍ ᠶᠣᠰᠣᠲᠠᠢ ᠮᠠᠭᠤ ᠴᠢᠮᠡᠭᠡ ᠳᠡ ! ᠶᠠᠫᠣᠨ ᠤ᠋ ᠣᠹᠢᠼᠧᠷ ᠦ᠋ᠳ ᠡᠨᠡ ᠬᠦ᠌ ᠵᠠᠯᠠᠭᠤ ᠮᠣᠩᠭᠣᠯ ᠸᠠᠩ ᠢ᠋ ᠠᠯᠪᠠᠲᠠᠨ ᠡᠢᠮᠦ ᠶᠡᠬᠡ ᠴᠡᠷᠢᠭ ᠠᠩᠭᠢ ᠪᠠᠢᠭᠤᠯᠤᠭᠤᠯᠵᠤ ᠪᠠᠢᠨ᠎ᠠ᠂ ᠤᠴᠢᠷ ᠨᠢ ᠡᠨᠡ ᠬᠦ᠌ ᠮᠣᠩᠭᠣᠯ ᠤᠯᠤᠰ ᠨᠢ ᠲᠦᠮᠡ ᠡᠴᠡ ᠲᠦᠮᠡ ᠲᠠᠪᠤᠨ ᠮᠢᠩᠭᠠᠨ ᠴᠡᠷᠢᠭ ᠢ᠋ ᠤᠳᠠᠭᠠᠨ ᠬᠤᠭᠤᠴᠠᠭ᠎ᠠ ᠪᠠᠷ ᠲᠡᠵᠢᠭᠡᠵᠦ ᠳᠡᠢᠯᠬᠦ ᠦᠭᠡᠢ ᠰᠢᠦ ᠳᠡ᠃ 
       - ᠲᠡᠮᠴᠡᠭᠲᠦᠩᠷᠣᠪ ᠨᠣᠶᠠᠨ ᠲᠡᠭᠡᠭᠡᠳ ᠶᠠᠭᠤ ᠪᠠᠷ ᠢ᠋ᠶ᠋ᠠᠨ ᠡᠨᠡ ᠵᠢᠭᠡᠯᠡᠯᠭᠡ ᠶ᠋ᠢ ᠪᠤᠴᠠᠭᠠᠨ᠎ᠠ ᠭᠡᠵᠦ ᠪᠠᠢᠬᠤ ᠪᠣᠢ? 
       - ᠪᠤᠴᠠᠭᠠᠨ᠎ᠠ ᠭᠡᠨ᠎ᠡ? ᠪᠤᠴᠠᠭᠠᠬᠤ ᠶ᠋ᠢ ᠶᠠᠫᠣᠨᠴᠤᠳ ᠥᠴᠦᠬᠡᠨ ᠴᠦ᠍ ᠬᠦᠰᠡᠬᠦ ᠦᠭᠡᠢ᠃ ᠲᠡᠮᠴᠦᠭᠲᠦᠩᠷᠣᠪ ᠨᠣᠶᠠᠨ ᠲᠡᠳᠡᠨ ᠳ᠋ᠦ᠍ ᠪᠦᠬᠦ ᠤᠯᠤᠰ ᠢ᠋ᠶ᠋ᠠᠨ ᠬᠤᠳᠠᠯᠳᠤᠭᠰᠠᠨ ᠰᠢᠦ᠃ ᠮᠣᠩᠭᠣᠯ ᠲᠡᠭᠡᠭᠡᠳ 100 ᠲᠦᠮᠡᠨ ᠶᠸᠨ ᠦ᠌ ᠦᠨ᠎ᠡ ᠬᠦᠷᠦᠨ᠎ᠡ ᠭᠡᠳᠡᠭ ᠲᠦ᠍ ᠴᠢ ᠢᠲᠡᠭᠡᠬᠦ ᠦᠭᠡᠢ ᠪᠠᠢᠨ᠎ᠠ ᠤᠤ ? 
       ᠪᠢ ᠪᠠᠰᠠ ᠶᠠᠫᠣᠨ ᠤ᠋ ᠬᠤᠳᠠᠯᠳᠤᠭᠠᠴᠢᠳ ᠬᠥᠳᠡᠭᠡ ᠨᠤᠲᠤᠭ ᠢ᠋ᠶ᠋ᠠᠷ ᠳᠠᠪᠬᠢᠯᠳᠤᠨ ᠴᠡᠷᠢᠭ ᠦ᠋ᠨ ᠠᠭᠲᠠ ᠬᠤᠳᠠᠯᠳᠤᠨ ᠠᠪᠴᠤ ᠪᠠᠢᠬᠤ ᠴᠢᠮᠡᠭᠡ ᠶ᠋ᠢ ᠰᠣᠨᠣᠰᠪᠠ᠃ ᠮᠣᠩᠭᠣᠯᠴᠤᠳ ᠠᠷᠠᠯᠵᠢᠶ᠎ᠠ ᠮᠠᠢᠮᠠᠢ ᠶ᠋ᠢᠨ ᠬᠥᠭᠵᠢᠯᠲᠡ ᠢᠷᠡᠯ᠎ᠡ ᠭᠡᠵᠦ ᠪᠠᠶᠠᠷᠯᠠᠵᠠᠭᠠᠵᠤ ᠪᠠᠢᠪᠠ᠃ ᠲᠡᠳᠡ ᠨᠠᠷ ᠡᠪᠦᠯ ᠥᠩᠭᠡᠷᠡᠵᠦ ᠳᠡᠢᠯᠬᠦ ᠦᠭᠡᠢ ᠪᠣᠯᠤᠭᠰᠠᠨ ᠬᠥᠭᠰᠢᠨ ᠮᠣᠷᠢᠳ ᠢ᠋ᠶ᠋ᠠᠨ ᠳᠠᠭᠤᠨ ᠠᠪᠠᠴᠢᠵᠤ᠂ ᠮᠣᠷᠢ ᠪᠣᠯᠭᠠᠨ ᠢ᠋ 40 ~ 50 ᠲᠥᠭᠥᠷᠢᠭ ᠢ᠋ᠶ᠋ᠡᠷ ᠬᠤᠳᠠᠯᠳᠤᠵᠤ ᠪᠠᠢᠪᠠ᠃ ᠮᠣᠷᠢᠨ ᠤ᠋ ᠠᠷᠠᠯᠵᠢᠶ᠎ᠠ ᠳ᠋ᠤ᠌ ᠦᠯᠦ ᠲᠠᠨᠢᠬᠤ ᠶᠠᠫᠣᠨᠴᠤᠳ ᠵᠥᠪᠬᠡᠨ ᠮᠠᠨᠵᠤ ᠲᠥᠭᠥᠷᠢᠭ ᠢ᠋ᠶ᠋ᠡᠷ ᠲᠥᠯᠥᠳᠡᠭ ᠪᠠᠢᠨ᠎ᠠ᠃ ᠨᠢᠭᠡ ᠮᠠᠨᠵᠤ ᠲᠥᠭᠥᠷᠢᠭ ᠨᠢ ᠨᠢᠭᠡ ᠬᠢᠲᠠᠳ ᠲᠥᠭᠥᠷᠢᠭ ᠦ᠋ᠨ ᠠᠷᠪᠠᠨ ᠤ᠋ ᠶᠢᠰᠦ ᠲᠡᠢ ᠨᠢ ᠲᠡᠩᠴᠡᠭᠦᠦ ᠪᠠᠢᠳᠠᠭ᠃ ᠭᠡᠬᠦ ᠳ᠋ᠡᠭᠡᠨ ᠡᠨᠡ ᠨᠢ ᠪᠠᠰᠠ ᠯᠠ ᠰᠠᠢᠨ ᠮᠠᠢᠮᠠᠢ ᠳ᠋ᠠᠭᠠᠨ ᠣᠷᠣᠵᠤ᠂ ᠠᠷᠢᠬᠢᠳᠠᠨ ᠨᠠᠢᠷᠯᠠᠵᠠᠭᠠᠵᠤ ᠪᠠᠢᠪᠠ᠃ 
        ᠮᠠᠨᠵᠤ ᠲᠥᠭᠥᠷᠢᠭ ᠨᠢ ᠮᠣᠩᠭᠣᠯ ᠤ᠋ᠨ ᠭᠦᠢᠯᠭᠡᠭᠡᠨ ᠳ᠋ᠦ᠍ ᠵᠠᠷᠤᠭᠳᠠᠵᠤ ᠪᠠᠢᠭᠰᠠᠨ ᠪᠣᠯᠪᠠᠴᠤ ᠮᠣᠩᠭᠣᠯᠴᠤᠳ ᠲᠡᠭᠦᠨ ᠳ᠋ᠦ᠍ ᠳᠤᠷ᠎ᠠ ᠦᠭᠡᠢ᠂ ᠪᠣᠯᠬᠤ ᠶ᠋ᠢᠨ ᠳᠣᠲᠣᠷ᠎ᠠ ᠬᠤᠷᠳᠤᠨ ᠬᠢᠲᠠᠳ ᠪᠠᠩᠬᠢ ᠶ᠋ᠢᠨ ᠴᠠᠭᠠᠰᠤᠨ ᠵᠣᠭᠣᠰ ᠢ᠋ᠶ᠋ᠠᠷ ᠰᠣᠯᠢᠵᠤ ᠪᠠᠢᠪᠠ᠃ ᠬᠠᠤᠯᠢ ᠳ᠋ᠤ᠌ ᠦᠨᠳᠦᠰᠦᠯᠡᠪᠡᠯ ᠡᠨᠡ ᠬᠣᠶᠠᠷ ᠮᠥᠩᠭᠥᠨ ᠲᠡᠮᠳᠡᠭᠲᠦ ᠨᠢ ᠠᠳᠠᠯᠢ ᠦᠨ᠎ᠡ ᠥᠷᠲᠡᠭ ᠲᠡᠢ ᠪᠠᠢᠬᠤ ᠶᠣᠰᠣᠲᠠᠢ ᠭᠡᠨ᠎ᠡ᠃ ᠨᠢᠭᠡᠨ ᠡᠳᠦᠷ ᠪᠢ ᠮᠥᠩᠭᠥ ᠪᠡᠷ ᠡᠮᠵᠢᠭᠰᠡᠨ ᠠᠶᠠᠭᠠᠨ ᠤ᠋ ᠦᠨ᠎ᠡ ᠶ᠋ᠢ ᠠᠰᠠᠭᠤᠬᠤ ᠳ᠋ᠤ᠌ ᠲᠡᠷᠡ ᠮᠣᠩᠭᠣᠯ ᠠᠷᠪᠠᠨ ᠲᠠᠪᠤᠨ ᠬᠢᠲᠠᠳ ᠲᠥᠭᠥᠷᠢᠭ ᠪᠤᠶᠤ ᠠᠷᠪᠠᠨ ᠨᠠᠢ᠍ᠮᠠᠨ ᠮᠠᠨᠵᠤ ᠲᠥᠭᠥᠷᠢᠭ ᠭᠡᠵᠦ ᠬᠠᠷᠢᠭᠤᠯᠬᠤ ᠶᠤᠮ ᠪᠢᠯᠡ᠃ 
       ᠨᠠᠢ᠍ᠮᠠᠳᠤᠭᠠᠷ ᠰᠠᠷ᠎ᠠ ᠶ᠋ᠢᠨ ᠡᠬᠢᠨ ᠦ᠌ ᠨᠢᠭᠡ ᠡᠳᠦᠷ ᠵᠡᠭᠦᠨᠲᠡᠢ ᠡᠴᠡ ᠨᠢᠭᠡ ᠮᠣᠷᠢᠲᠠᠨ ᠬᠦᠷᠢᠶᠡᠨ ᠡᠮᠦᠨ᠎ᠡ ᠢᠷᠡᠭᠡᠳ ᠪᠠᠭᠤᠪᠠ᠃ ᠲᠡᠷᠡ ᠪᠢᠳᠡᠨ ᠳ᠋ᠦ᠍ ᠳᠡᠭᠡᠷᠡᠮᠴᠢᠳ ᠦ᠋ᠨ ᠴᠢᠮᠡᠭᠡ ᠶ᠋ᠢ ᠶᠠᠷᠢᠵᠤ ᠥᠭᠭᠦᠯ᠎ᠡ᠃ ᠡᠨᠡ ᠨᠢᠭᠡ ᠪᠦᠯᠦᠭ ᠳᠡᠭᠡᠷᠡᠮᠴᠢᠳ ᠲᠤᠯᠤᠨ ᠨᠠᠭᠤᠷ ᠤ᠋ᠨ ᠲᠡᠨᠳᠡ ᠡᠴᠡ ᠢᠷᠡᠭᠰᠡᠨ ᠪᠥᠭᠡᠳ ᠵᠠᠮ ᠵᠠᠭᠤᠷ᠎ᠠ ᠵᠠᠩᠪᠸᠢ ᠰᠢᠶᠠᠨ ᠤ᠋ ᠣᠷᠴᠢᠮ ᠪᠠᠢᠭ᠎ᠠ ᠬᠦᠩ ᠴᠧ ᠶ᠋ᠢ ᠳᠡᠭᠡᠷᠡᠮᠳᠡᠭᠰᠡᠨ ᠪᠠᠢᠨ᠎ᠠ᠃ 
        - ᠭᠤᠷᠪᠠᠨ ᠮᠢᠩᠭ᠎ᠠ ᠣᠷᠴᠢᠮ ᠯᠠ ᠬᠥᠮᠦᠨ ᠲᠡᠢ ᠪᠠᠢᠬ᠎ᠠ ! ᠮᠠᠨᠵᠤ ᠤᠯᠤᠰ ᠤ᠋ᠨ ᠴᠡᠷᠢᠭ ᠦ᠋ᠳ ᠲᠡᠳᠡᠨ ᠡᠴᠡ ᠪᠠᠢᠯᠳᠤᠭ᠎ᠠ ᠦᠭᠡᠢ ᠪᠡᠷ ᠳᠤᠲᠠᠭᠠᠭᠰᠠᠨ ᠶᠤᠮ᠃ 
       - ᠲᠡᠳᠡᠨ ᠦ᠌ ᠬᠠᠮᠢᠭᠠᠰᠢ ᠪᠠᠨ ᠶᠠᠪᠤᠵᠤ ᠪᠠᠢᠬᠤ ᠶ᠋ᠢ ᠴᠢ ᠮᠡᠳᠡᠬᠦ ᠤᠤ? ᠭᠡᠵᠦ ᠮᠣᠩᠭᠣᠯ ᠤ᠋ᠨ ᠬᠦᠩ ᠠᠰᠠᠭᠤᠬᠤ ᠳ᠋ᠤ᠌ : 
       - ᠪᠠᠷᠠᠭᠤᠨ ᠬᠣᠢᠰᠢ ᠪᠠᠨ ᠵᠠᠩᠪᠸᠢ ᠰᠢᠶᠠᠨ ᠤ᠋ ᠵᠦᠭ ᠭᠡᠵᠦ ᠬᠥᠮᠦᠨ ᠶᠠᠷᠢᠵᠤ ᠪᠠᠢᠭᠰᠠᠨ᠃ ᠣᠳᠣ ᠲᠡᠨᠳᠡ ᠬᠦᠷᠴᠢᠬᠡᠭᠡᠳ ᠳᠡᠭᠡᠷᠡᠮᠳᠡᠵᠦ ᠪᠠᠢᠬᠤ ᠴᠤ᠌ ᠮᠠᠭᠠᠳ ᠦᠭᠡᠢ ᠭᠡᠨ᠎ᠡ᠃ 
       ᠭᠡᠷ ᠦ᠋ᠨ ᠡᠮᠦᠨ᠎ᠡ ᠨᠠᠷᠠᠨ ᠤ᠋ ᠳᠣᠣᠷ᠎ᠠ ᠪᠢᠳᠡ ᠡᠨᠡ ᠬᠦ᠌ ᠥᠯᠵᠡᠢ ᠪᠤᠰᠤ ᠴᠢᠮᠡᠭᠡᠨ ᠦ᠌ ᠲᠤᠬᠠᠢ ᠤᠳᠠᠲᠠᠯ᠎ᠠ ᠶᠠᠷᠢᠯᠳᠤᠪᠠ᠃ ᠮᠣᠩᠭᠣᠯ ᠤ᠋ᠨ ᠬᠦᠩ ᠨᠡᠯᠢᠶᠡᠳ ᠪᠣᠳᠣᠭᠰᠠᠨ ᠢ᠋ᠶ᠋ᠠᠨ : 
        - ᠪᠢ ᠵᠥᠪᠬᠡᠨ ᠲᠡᠳᠡᠨ ᠦ᠌ ᠬᠠᠮᠢᠭ᠎ᠠ ᠠ᠋ᠴᠠ ᠭᠡᠨᠡᠳᠲᠡ ᠭᠠᠷᠴᠤ ᠢᠷᠡᠭᠰᠡᠨ ᠪᠠ ᠬᠡᠨ ᠲᠡᠳᠡᠨ ᠳ᠋ᠦ᠍ ᠳᠠᠷᠢ ᠰᠤᠮᠤ ᠣᠯᠭᠣᠵᠤ ᠪᠠᠢᠭ᠎ᠠ ᠶ᠋ᠢ ᠮᠡᠳᠡᠶ᠎ᠡ ᠭᠡᠮᠡᠨ ᠪᠣᠳᠣᠵᠤ ᠪᠠᠢᠨ᠎ᠠ ᠭᠡᠯ᠎ᠡ᠃ 
       ᠬᠡᠳᠦᠨ ᠡᠳᠦᠷ ᠦ᠋ᠨ ᠳᠠᠷᠠᠭ᠎ᠠ ᠪᠢᠳᠡ ᠬᠠᠷᠢᠭᠤᠯᠲᠠ ᠪᠠᠨ ᠣᠯᠤᠯ᠎ᠠ᠃ ᠴᠢᠭᠤᠯᠤᠯᠲᠤ ᠬᠠᠭᠠᠯᠭ᠎ᠠ ᠠ᠋ᠴᠠ ᠬᠣᠢᠰᠢ ᠪᠠᠨ ᠶᠠᠪᠤᠬᠤ ᠵᠠᠬᠢᠳᠠᠯ ᠬᠦᠷᠭᠡᠭᠴᠢ ᠪᠢᠳᠡᠨ ᠳᠡᠭᠡᠷ᠎ᠡ ᠢᠷᠡᠭᠡᠳ ᠰᠢᠨ᠎ᠡ ᠰᠤᠷᠠᠭ ᠳᠠᠮᠵᠢᠭᠤᠯᠪᠠ᠃ 
       - ᠳᠡᠭᠡᠷᠡᠮᠴᠢᠳ ᠵᠠᠩᠪᠸᠢ ᠰᠢᠶᠠᠨ ᠬᠦᠷᠦᠭᠡᠳ ᠪᠠᠭᠤᠳᠠᠯᠯᠠᠵᠤ ᠪᠠᠢᠬᠤ ᠳ᠋ᠤᠨᠢ ᠬᠥᠮᠦᠨ ᠪᠣᠯᠭᠠᠨ ᠭᠤᠷᠪᠠᠨ ᠲᠥᠭᠥᠷᠢᠭ ᠂ ᠬᠣᠷᠢᠨ ᠰᠤᠮᠤ ᠣᠯᠵᠠᠢ᠃ ᠲᠡᠭᠡᠭᠡᠳ ᠡᠳᠡᠭᠡᠷ ᠳᠡᠭᠡᠷᠡᠮᠴᠢᠳ ᠦᠷᠭᠦᠯᠵᠢᠯᠡᠨ ᠴᠠᠭᠠᠰᠢ ᠬᠥᠳᠡᠯᠦᠭᠡᠳ ᠬᠢᠯᠢ ᠳᠠᠪᠠᠵᠤ ᠱᠠᠨ ᠰᠢ ᠶ᠋ᠢᠨ ᠴᠡᠷᠢᠭ ᠦ᠋ᠨ ᠡᠷᠬᠡᠲᠡᠨ ᠦ᠌ ᠵᠠᠬᠢᠷᠤᠯ ᠤ᠋ᠨ ᠣᠷᠣᠨ ᠳ᠋ᠤ᠌ ᠣᠷᠣᠭᠠᠳ ᠲᠡᠳᠡᠨ ᠲᠡᠢ ᠪᠠᠢᠯᠳᠤᠵᠤ ᠡᠬᠢᠯᠡᠵᠡᠢ᠃ 
       - ᠲᠡᠳᠡᠨ ᠦ᠌ ᠲᠦᠷᠦᠭᠦᠦ ᠨᠢ ᠬᠡᠨ ᠪᠣᠢ? ᠭᠡᠵᠦ ᠨᠠᠮᠠᠶ᠋ᠢ ᠠᠰᠠᠭᠤᠬᠤ ᠳ᠋ᠤ᠌ : 
       - ᠰᠡᠷᠡᠩᠪᠣᠣ ᠡᠪᠦᠭᠡᠨ ᠮᠥᠨ ᠭᠡᠵᠦ ᠬᠠᠷᠢᠭᠤᠯᠪᠠ᠃ 
       ᠮᠣᠩᠭᠣᠯ ᠤ᠋ᠨ ᠬᠦᠩ ᠯᠠᠷᠰᠤᠨ ᠡᠨᠡ ᠬᠦ᠌ ᠠᠶᠤᠮᠰᠢᠭᠲᠠᠢ ᠳᠡᠭᠡᠷᠡᠮ ᠦ᠋ᠨ ᠲᠤᠬᠠᠢ ᠮᠡᠳᠡᠳᠡᠭ ᠪᠠᠢᠯ᠎ᠠ᠃ 
       - ᠠᠩᠬᠠᠨ ᠳ᠋ᠠᠭᠠᠨ ᠲᠡᠷᠡ ᠮᠣᠷᠣᠩᠭ᠎ᠠ ᠶ᠋ᠢᠨ ᠳᠣᠣᠷ᠎ᠠ ᠪᠠᠢᠭᠰᠠᠨ᠃ ᠮᠣᠷᠣᠩᠭ᠎ᠠ ᠭᠡᠳᠡᠭ ᠴᠢᠨᠢ ᠤᠮᠠᠷᠠᠲᠤ ᠳ᠋ᠢᠶᠠᠨᠪᠣᠣ ᠶ᠋ᠢᠨ ᠱᠤᠭᠤᠮ ᠤ᠋ᠨ ᠠᠩᠭ᠌ᠯᠢ ᠬᠥᠮᠦᠨ ᠭᠷᠠᠨᠲ ᠢ ᠠᠯᠠᠭᠰᠠᠨ ᠬᠥᠮᠦᠨ ᠰᠢᠦ᠃ ᠠᠷᠤ ᠮᠣᠩᠭᠣᠯ ᠲᠡᠭᠦᠨ ᠢ᠋ ᠪᠠᠷᠢᠭᠠᠳ᠂ ᠲᠡᠮᠡᠭᠡᠨ ᠡᠴᠡ ᠴᠢᠷᠴᠦ ᠶᠡᠬᠡ ᠬᠦᠷᠢᠶ᠎ᠡ ᠵᠦᠭ ᠠᠪᠴᠤ ᠶᠠᠪᠤᠭᠰᠠᠨ ᠶᠤᠮ᠃ ᠲᠡᠨᠳᠡ ᠬᠦᠷᠬᠦ ᠳ᠋ᠦ᠍ ᠵᠥᠪᠬᠡᠨ ᠨᠢᠭᠡ ᠵᠢᠵᠢᠭᠬᠡᠨ ᠬᠡᠰᠡᠭ ᠮᠢᠬ᠎ᠠ ᠯᠠ ᠦᠯᠡᠲᠡᠯ᠎ᠡ ᠭᠡᠳᠡᠭ᠃ ᠤᠷᠢᠳᠤ ᠢᠩᠭᠢᠵᠦ ᠯᠡ ᠶᠠᠯᠠᠯᠠᠨ ᠰᠢᠢᠳᠬᠡᠵᠦ ᠪᠠᠢᠵᠠᠢ ᠭᠡᠯ᠎ᠡ᠃ 
       ᠨᠡᠯᠢᠶᠡᠳ ᠬᠡᠳᠦᠨ ᠡᠳᠦᠷ ᠥᠩᠭᠡᠷᠡᠭᠰᠡᠨ ᠦ᠌ ᠳᠠᠷᠠᠭ᠎ᠠ ᠨᠢᠭᠡᠨ ᠦᠳᠡᠰᠢ ᠪᠡᠷ ᠮᠠᠰᠢᠨ ᠤ᠋ ᠳ᠋ᠧᠩ ᠬᠠᠷᠠᠩᠭᠤᠢ ᠨᠡᠪᠲᠡᠯᠦᠨ ᠬᠠᠷᠠᠭᠳᠠᠪᠠ᠃ ᠡᠨᠡ ᠦᠶ᠎ᠡ ᠳ᠋ᠦ᠍ ᠪᠢ ᠯᠠᠷᠰᠤᠨ ᠲᠠᠢ ᠬᠠᠮᠲᠤ ᠶᠠᠭ ᠭᠡᠷ ᠦ᠋ᠨ ᠡᠮᠦᠨᠡᠬᠢ ᠲᠠᠢᠰᠠᠨ ᠳᠡᠭᠡᠷ᠎ᠡ ᠰᠠᠭᠤᠵᠤ ᠰᠠᠷᠠ ᠮᠠᠨᠳᠤᠬᠤ ᠶ᠋ᠢ ᠰᠣᠨᠢᠷᠬᠠᠵᠤ ᠪᠠᠢᠪᠠ᠃ ᠡᠨᠡ ᠰᠸᠸᠳ᠋ᠸᠨ ᠬᠥᠮᠦᠨ ᠥᠷᠭᠡᠨ ᠴᠢᠷᠠᠢ ᠪᠠᠨ ᠭᠡᠨᠡᠳᠲᠡ ᠡᠷᠭᠦᠭᠡᠳ᠄ 
       - ᠮᠠᠰᠢᠨ! ᠬᠡᠨ ᠡᠢᠮᠦ ᠣᠷᠣᠢ ᠢᠷᠡᠳᠡᠭ ᠪᠢᠯᠡ? ᠭᠡᠪᠡ᠃ 
       ᠪᠢ ᠳᠤᠷᠠᠨ ᠢ᠋ᠶ᠋ᠠᠨ ᠠᠪᠴᠤ ᠬᠠᠷᠠᠭᠠᠳ 《ᠴᠠᠢᠪᠤᠷ ᠳᠡᠭᠡᠪᠦᠷ ᠲᠠᠢ ᠯᠠ ᠮᠠᠰᠢᠨ ᠪᠠᠢᠨ᠎ᠠ 》ᠭᠡᠬᠦ ᠪᠡᠷ ᠯᠠᠷᠰᠤᠨ᠄ 
       - ᠲᠡᠭᠡᠪᠡᠯ ᠳ᠋ᠢᠯᠦ᠎ᠠ ᠬᠤᠲᠤᠭᠲᠤ ᠯᠠ ᠪᠠᠢᠵᠤ ᠲᠠᠭᠠᠷᠠᠯ᠎ᠠ ᠭᠡᠵᠦ ᠬᠠᠷᠢᠭᠤᠯᠪᠠ᠃ ᠲᠡᠷᠡ ᠮᠣᠩᠭᠣᠯ ᠳ᠋ᠤ᠌ ᠪᠠᠢᠭ᠎ᠠ ᠮᠠᠰᠢᠨ ᠲᠡᠷᠭᠡ ᠨᠦ᠍ᠭᠦᠳ ᠢ᠋ ᠪᠦᠷ ᠲᠠᠨᠢᠳᠠᠭ ᠠᠵᠢ᠃ 
       ᠪᠢᠳᠡ ᠬᠤᠲᠤᠭᠲᠤ ᠶ᠋ᠢ ᠲᠤᠰᠬᠤ ᠪᠠᠷ ᠬᠦᠷᠢᠶᠡᠨ ᠭᠠᠳᠠᠨ᠎ᠠ ᠭᠠᠷᠪᠠ᠃ ᠲᠣᠭᠣᠰᠣᠨ ᠳ᠋ᠤ᠌ ᠳᠠᠷᠤᠭᠳᠠᠭᠰᠠᠨ ᠬᠠᠭᠤᠴᠢᠨ ᠬᠤᠪᠴᠠᠰᠤ ᠲᠠᠢ ᠲᠡᠷᠡ ᠲᠠᠪᠢᠭᠠᠳ ᠨᠠᠰᠤᠨ ᠤ᠋ ᠬᠥᠮᠦᠨ ᠭᠡᠮᠡᠷ ᠦᠭᠡᠢ ᠲᠡᠷᠭᠡᠨ ᠡᠴᠡ ᠦᠰᠦᠷᠦᠨ ᠪᠠᠭᠤᠭᠠᠳ᠂ ᠬᠣᠶᠠᠷ ᠭᠠᠷ ᠢ᠋ᠶ᠋ᠠᠨ ᠪᠢᠳᠡᠨ ᠦ᠌ ᠵᠦᠭ ᠳᠠᠯᠠᠯᠵᠤ ᠥᠪᠡᠷᠦᠨ ᠴᠠᠭᠠᠨ ᠬᠦᠷᠢᠶᠡᠨ ᠦ᠌ ᠰᠦᠮ᠎ᠡ ᠳ᠋ᠦ᠍ ᠢᠷᠡᠭᠡᠳ ᠪᠠᠶᠠᠷᠯᠠᠵᠤ ᠪᠠᠢᠭ᠎ᠠ ᠪᠠ᠊ᠨ ᠥᠴᠦᠬᠡᠨ ᠴᠦ᠍ ᠨᠢᠭᠤᠯ ᠦᠭᠡᠢ ᠢᠯᠡᠳᠬᠡᠪᠡ᠃ 
        ᠮᠠᠰᠢᠨ ᠤ᠋ ᠬᠢᠨᠢ ᠨᠢᠭᠡ ᠬᠠᠷᠢᠮᠠᠭ ᠬᠤᠭᠤᠷᠠᠭᠰᠠᠨ ᠠ᠋ᠴᠠ ᠪᠣᠯᠵᠤ ᠣᠷᠣᠢᠲᠠᠯ᠎ᠠ ᠭᠡᠵᠦ ᠠᠭᠤᠴᠢᠯᠠᠯ ᠬᠦᠰᠡᠪᠡ᠃ ᠯᠠᠷᠰᠤᠨ ᠳᠣᠣᠷ᠎ᠠ ᠪᠠᠨ ᠰᠦ ᠲᠡᠢ ᠴᠠᠢ᠂ ᠠᠮᠲᠠᠲᠤ ᠬᠣᠭᠣᠯᠠ ᠪᠡᠯᠡᠳᠬᠡᠯᠭᠡᠵᠦ ᠲᠡᠳᠡᠨ ᠳ᠋ᠦ᠍ ᠵᠣᠭᠣᠭᠯᠠᠭᠤᠯᠪᠠ᠃ ᠬᠣᠭᠣᠯᠠᠨ ᠤ᠋ ᠳᠠᠷᠠᠭ᠎ᠠ ᠬᠤᠲᠤᠭᠲᠤ ᠪᠢᠳᠡᠨ ᠳ᠋ᠦ᠍ ᠤᠴᠠᠷᠠᠯ ᠢ᠋ᠶ᠋ᠠᠨ ᠲᠣᠭᠠᠴᠢᠯ᠎ᠠ᠄ 
       - ᠪᠢ ᠶᠣᠰᠣᠲᠠᠢ ᠣᠷᠣᠢᠲᠠᠵᠤ ᠬᠦᠷᠴᠡᠢ᠃ ᠬᠢᠲᠠᠳ ᠤ᠋ᠳ ᠲᠡᠨᠳᠡᠬᠢ ᠶ᠋ᠢᠨ ᠮᠣᠷᠢᠳ ᠢ᠋ ᠪᠦᠬᠦᠨ ᠢ᠋ ᠬᠤᠳᠠᠯᠳᠤᠭᠠᠳ ᠠᠪᠴᠢᠬᠠᠵᠠᠢ᠃ ᠭᠠᠭᠴᠠ ᠤᠨᠤᠭ᠎ᠠ ᠣᠯᠬᠤ ᠳ᠋ᠤ᠌ ᠴᠤ᠌ ᠪᠡᠷᠬᠡᠲᠡᠢ ᠪᠣᠯᠵᠠᠢ᠃ 
       ᠳ᠋ᠢᠯᠦ᠎ᠠ ᠬᠤᠲᠤᠭᠲᠤ ᠮᠠᠷᠭᠠᠰᠢ ᠵᠠᠪᠰᠠᠷ ᠬᠦᠷᠴᠦ ᠡᠨᠡ ᠪᠠᠢᠳᠠᠯ ᠢ᠋ᠶ᠋ᠠᠨ ᠮᠡᠳᠡᠭᠦᠯᠬᠦ ᠭᠡᠵᠦ ᠪᠠᠢᠭ᠎ᠠ ᠠᠵᠢ᠃ ᠰᠥᠨᠢ ᠶ᠋ᠢᠨ ᠭᠦᠨ ᠪᠣᠯᠲᠠᠯ᠎ᠠ ᠪᠢᠳᠡ ᠰᠠᠷᠠᠨ ᠤ᠋ ᠲᠤᠨᠤᠯᠵᠠᠭᠰᠠᠨ ᠭᠡᠷᠡ᠊ᠯ ᠳᠣᠣᠷ᠎ᠠ ᠰᠠᠭᠤᠵᠠᠭᠠᠵᠤ ᠤᠯᠤᠰ ᠲᠥᠷᠥ ᠂ ᠣᠳᠣ ᠪᠠ ᠢᠷᠡᠭᠡᠳᠦᠢ ᠶ᠋ᠢᠨ ᠲᠤᠬᠠᠢ ᠶᠠᠷᠢᠯᠴᠠᠵᠤ ᠨᠠᠷᠭᠢᠪᠠ᠃ ᠲᠡᠭᠡᠭᠡᠳ ᠳ᠋ᠢᠯᠦ᠎ᠠ ᠬᠤᠲᠤᠭᠲᠤ ᠯᠠᠷᠰᠤᠨ ᠤ᠋ ᠵᠣᠴᠢᠨ ᠳ᠋ᠠᠭᠠᠨ ᠪᠡᠯᠡᠳᠬᠡᠨ ᠭᠣᠶᠣ ᠰᠠᠢᠬᠠᠨ ᠶᠠᠩᠵᠤᠯᠠᠭᠰᠠᠨ ᠭᠡᠷ ᠲᠦ᠍ ᠣᠷᠣᠪᠠ᠃ 
       ᠥᠷᠯᠥᠭᠡ ᠶ᠋ᠢᠨ ᠬᠢᠨᠢ ᠲᠠᠪᠤᠨ ᠴᠠᠭ ᠲᠤ᠌ ᠬᠤᠲᠤᠭᠲᠤ ᠨᠢᠭᠡᠨᠲᠡ ᠦᠷᠭᠦᠯᠵᠢᠯᠡᠨ ᠠᠶᠠᠯᠠᠬᠤ ᠳ᠋ᠤ᠌ ᠪᠡᠯᠡᠬᠡᠨ ᠪᠣᠯᠤᠭᠰᠠᠨ ᠪᠠᠢᠪᠠ᠃ ᠲᠡᠷᠡ ᠶᠠᠮᠠᠷ ᠨᠢᠭᠡᠨ ᠶᠣᠰᠣᠯᠠᠯ ᠳ᠋ᠤ᠌ ᠣᠷᠣᠯᠴᠠᠬᠤ ᠭᠡᠰᠡᠨ ᠮᠡᠲᠦ ᠰᠢᠷ᠎ᠠ ᠬᠣᠷᠭᠣᠢ ᠳᠡᠪᠡᠯ ᠡᠮᠦᠰᠴᠦ᠂ ᠶᠡᠬᠡᠮᠰᠦᠭ ᠰᠦᠷᠯᠢᠭ ᠬᠠᠷᠠᠭᠳᠠᠵᠤ ᠪᠠᠢᠯ᠎ᠠ᠃ ᠲᠡᠭᠦᠨ ᠦ᠌ ᠱᠠᠪᠢ ᠨᠠᠷ ᠯᠠᠷᠰᠤᠨ ᠠ᠋ᠴᠠ ᠵᠢᠭᠡᠯᠡᠭᠰᠡᠨ ᠰᠢᠷ᠎ᠠ ᠲᠣᠷᠭᠠᠨ ᠳᠡᠷ᠎ᠡ ᠶ᠋ᠢ ᠮᠠᠰᠢᠨ ᠳ᠋ᠠᠭᠠᠨ ᠣᠷᠣᠭᠤᠯᠵᠤ ᠪᠠᠢᠪᠠ᠃ ᠡᠭᠦᠨ ᠢ᠋ ᠮᠠᠰᠢᠨ ᠵᠠᠰᠠᠵᠤ ᠰᠢᠨᠡᠳᠬᠡᠬᠦ ᠪᠣᠯᠲᠠᠯ᠎ᠠ ᠬᠡᠷᠡᠭᠯᠡᠬᠦ ᠶᠦᠮ ᠪᠠᠢᠨ᠎ᠠ᠃ ᠲᠡᠷᠡ ᠲᠡᠭᠦᠨ ᠳ᠋ᠦ᠍ ᠮᠥᠷᠭᠥᠬᠦ ᠪᠡᠷ ᠢᠷᠡᠭᠰᠡᠨ ᠪᠦᠰᠡᠭᠦᠢ ᠬᠡᠦᠬᠡᠳ ᠦ᠋ᠳ ᠲᠦ᠍ ᠡᠷᠬᠢᠮᠰᠦᠭ ᠬᠦᠨᠳᠦᠲᠡᠢ ᠪᠡᠷ ᠠᠳᠢᠰ ᠲᠠᠯᠪᠢᠭᠰᠠᠨ ᠤ᠋ ᠳᠠᠷᠠᠬ᠎ᠠ ᠮᠠᠰᠢᠨ ᠳ᠋ᠤ᠌ ᠭᠠᠷᠴᠤ᠂ ᠵᠠᠮ ᠳ᠋ᠠᠭᠠᠨ ᠣᠷᠣᠯ᠎ᠠ᠃ 
       - ᠶᠠᠮᠠᠷᠬᠠᠨ ᠬᠣᠪᠣᠷ ᠲᠣᠬᠢᠶᠠᠯᠳᠤᠬᠤ ᠬᠥᠮᠦᠨ ᠪᠠ ᠪᠤᠷᠬᠠᠨ ᠤ᠋  ᠪᠦᠷᠢᠯᠸ᠎ᠠ ᠪᠢᠯᠡ ! ᠣᠳᠣ ᠲᠡᠭᠡᠭᠡᠳ ᠪᠠᠰᠠ ᠵᠠᠩᠵᠤᠨ ᠰᠢᠦ!  ᠭᠡᠵᠦ ᠨᠠᠮᠠᠶ᠋ᠢ ᠯᠠᠷᠰᠤᠨ ᠤᠷᠤᠭᠤ ᠬᠠᠨᠳᠤᠨ ᠶᠠᠷᠢᠬᠤ ᠳ᠋ᠤ᠌ ᠲᠡᠷᠡ ᠬᠠᠭᠤᠴᠢᠨ ᠨᠠᠢᠵᠠ ᠪᠠᠨ ᠥᠮᠥᠭᠯᠡᠵᠦ: 
       - ᠲᠡᠷᠡ ᠶᠡᠬᠡ ᠣᠯᠠᠨ ᠠᠵᠢᠯ ᠬᠢᠭᠰᠡᠨ ᠬᠥᠮᠦᠨ ᠰᠢᠦ!  ᠣᠳᠣ ᠳ᠋ᠠᠭᠠᠨ ᠲᠡᠷᠡ ᠶᠠᠳᠠᠭᠤ᠂ ᠲᠡᠭᠦᠨ ᠳ᠋ᠦ᠍ ᠵᠠᠭᠤᠨ ᠠᠳᠤᠭᠤ ᠴᠤ᠌ ᠪᠠᠢᠬᠤ ᠦᠭᠡᠢ ᠪᠠᠢᠭ᠎ᠠ᠃ ᠪᠢ ᠲᠡᠭᠦᠨ ᠢ᠋ ᠶᠡᠬᠡ ᠬᠦᠷᠢᠶᠡᠨ ᠳ᠋ᠦ᠍ ᠶᠣᠰᠣᠲᠠᠢ ᠪᠠᠶᠠᠨ ᠰᠦᠮ᠎ᠡ ᠶ᠋ᠢᠨ ᠭᠡᠭᠡᠨ ᠪᠠᠢᠬᠤ ᠳ᠋ᠤᠨᠢ ᠲᠠᠨᠢᠯᠴᠠᠭᠰᠠᠨ ᠶᠤᠮ᠃ ᠲᠡᠷᠡ ᠦᠶ᠎ᠡ ᠳ᠋ᠦ᠍ ᠴᠦ᠍ ᠭᠡᠳ ᠮᠥᠨ ᠣᠳᠣ ᠲᠠᠢ ᠪᠠᠨ ᠠᠳᠠᠯᠢᠬᠠᠨ ᠨᠠᠢᠷᠰᠠᠭ᠂ ᠨᠢᠭᠦᠯᠡᠰᠦᠩᠭᠦᠢ᠂ ᠪᠤᠰᠤᠳ ᠲᠤ᠌ ᠬᠠᠪᠰᠤᠷᠬᠤ ᠳᠤᠷᠠᠲᠠᠢ ᠬᠥᠮᠦᠨ ᠪᠠᠢᠭᠰᠠᠨ ᠰᠢᠦ ᠳᠡ! ᠪᠢᠳᠡ ᠲᠡᠭᠦᠨ ᠦ᠌ ᠲᠥᠯᠥᠪᠯᠡᠭᠡ ᠠᠵᠢᠯ ᠳ᠋ᠤ᠌ ᠳ᠋ᠦᠩᠨᠡᠯᠲᠡ ᠬᠢᠬᠦ ᠨᠢ ᠠᠷᠠᠢ ᠲᠣᠬᠢᠷᠠᠮᠵᠢ ᠦᠭᠡᠢ ᠪᠠᠢᠬ᠎ᠠ᠂ ᠤᠴᠢᠷ ᠨᠢ ᠪᠢᠳᠡ ᠲᠡᠭᠦᠨ ᠢ᠋ ᠶᠠᠮᠠᠷ ᠲᠦᠯᠬᠢᠴᠡ ᠬᠦᠴᠦᠨ ᠡᠴᠡ ᠪᠣᠯᠵᠤ ᠶᠠᠫᠣᠨ ᠤ᠋ ᠲᠠᠯ᠎ᠠ ᠳ᠋ᠤ᠌ ᠣᠷᠣᠭᠰᠠᠨ ᠢ᠋ ᠮᠡᠳᠡᠬᠦ ᠦᠭᠡᠢ ᠰᠢᠦ ᠭᠡᠯ᠎ᠡ᠃ 
       ᠯᠠᠷᠰᠤᠨ ᠬᠦᠩ ᠮᠢᠨᠦ ᠬᠡᠯᠡᠭᠰᠡᠨ ᠦᠭᠡᠨ ᠳ᠋ᠦ᠍ ᠳᠤᠷ᠎ᠠ ᠦᠭᠡᠢ ᠬᠦᠷᠦᠭᠰᠡᠨ ᠨᠢ ᠢᠯᠡᠬᠡᠨ ᠪᠥᠭᠡᠳ ᠦᠭᠡ ᠳᠠᠭᠤ ᠦᠭᠡᠢ ᠭᠡᠷ ᠲᠡᠭᠡᠨ ᠪᠤᠴᠠᠨ ᠣᠷᠣᠯ᠎ᠠ᠃ 
       ᠮᠥᠨ ᠲᠡᠷᠡ ᠡᠳᠦᠷ ᠦ᠋ᠨ ᠦᠳᠡ ᠶ᠋ᠢᠨ ᠬᠣᠢᠨ᠎ᠠ ᠭᠤᠷᠪᠠᠨ ᠠᠴᠢᠶᠠᠨ ᠤ᠋ ᠮᠠᠰᠢᠨ ᠶᠠᠪᠤᠭ᠎ᠠ ᠨᠢ ᠬᠠᠷᠠᠭᠳᠠᠵᠤ᠂ ᠨᠢᠭᠡᠨ ᠶᠠᠫᠣᠨ ᠵᠢᠯᠣᠭᠣᠴᠢ ᠥᠪᠡᠷ ᠦ᠋ᠨ ᠵᠠᠮ ᠲᠥᠭᠡᠷᠢᠭᠰᠡᠨ ᠭᠡᠳᠡᠭ ᠢ᠋ᠶ᠋ᠡᠨ ᠶᠠᠷᠢᠵᠤ᠂ ᠪᠠᠷᠠᠭᠤᠨᠰᠢ ᠠᠶᠠᠯᠠᠬᠤ ᠵᠠᠮ ᠠᠰᠠᠭᠤᠪᠠ᠃ ᠲᠡᠷᠭᠡᠨ ᠳᠡᠭᠡᠷ᠎ᠡ ᠪᠦᠷ ᠫᠤᠤ ᠵᠡᠪᠰᠡᠭ ᠦ᠋ᠨ ᠬᠠᠢᠷᠴᠠᠭ ᠠᠴᠢᠶᠠᠯᠠᠵᠤ᠂ ᠵᠡᠪᠰᠡᠭᠯᠡᠭᠰᠡᠨ ᠶᠠᠪᠤᠨᠴᠤᠳ ᠮᠠᠨᠠᠭᠰᠠᠨ ᠪᠠᠢᠪᠠ᠃ 
       ᠤᠳᠠᠯ ᠦᠭᠡᠢ ᠲᠡᠢᠨ ᠳᠡᠭᠳᠡᠬᠦ ᠶ᠋ᠢᠨ ᠲᠡᠮᠳᠡᠭ ᠢᠯᠡᠬᠡᠨ ᠪᠣᠯᠪᠠ᠃ ᠬᠦᠩ ᠥᠪᠡᠷ ᠦ᠋ᠨ ᠢ᠋ᠶ᠋ᠡᠨ ᠬᠣᠶᠠᠷ ᠠᠴᠢᠶᠠᠨ ᠤ᠋ ᠮᠠᠰᠢᠨ ᠢ᠋ᠶ᠋ᠠᠨ ᠲᠦᠮᠡᠳ ᠲᠦ᠍ ᠢᠯᠡᠭᠡᠵᠦ᠂ ᠬᠣᠨᠣᠭ ᠪᠤᠳᠠᠭ᠎ᠠ᠂ ᠪᠤᠭᠤᠳᠠᠢ ᠵᠡᠷᠭᠡ ᠶ᠋ᠢ ᠠᠪᠤᠭᠤᠯᠬᠤ ᠭᠡᠰᠡᠨ ᠪᠣᠯᠪᠠᠴᠤ ᠬᠣᠭᠣᠰᠣᠨ ᠪᠤᠴᠠᠵᠤ ᠢᠷᠡᠪᠡ᠃ ᠤᠴᠢᠷ ᠨᠢ ᠵᠢᠯᠣᠭᠣᠴᠢ ᠨᠠᠷ ᠨᠢ ᠮᠣᠩᠭᠣᠯ ᠠᠢᠯ ᠤ᠋ᠳ ᠢ᠋ᠶ᠋ᠠᠷ ᠬᠣᠨᠣᠭᠯᠠᠬᠤ ᠵᠠᠭᠤᠷ᠎ᠠ ᠲᠡᠨᠳᠡᠬᠢ ᠳᠡᠭᠡᠷᠡᠮᠴᠢᠳ ᠦ᠋ᠨ ᠬᠠᠷᠠᠰᠠᠯᠲᠠᠢ ᠬᠡᠷᠡᠭ ᠦ᠋ᠳ ᠦ᠋ᠨ ᠲᠤᠬᠠᠢ ᠰᠣᠨᠣᠰᠴᠤ᠂ ᠱᠠᠨ ᠰᠢ ᠶ᠋ᠢᠨ ᠴᠡᠷᠢᠭ ᠦ᠋ᠨ ᠡᠷᠬᠡᠲᠡᠨ ᠪᠠ ᠰᠠᠷᠠᠩᠪᠦᠤ ᠶ᠋ᠢᠨ ᠳᠡᠭᠡᠷᠡᠮ ᠦ᠋ᠨ ᠲᠤᠯᠤᠯᠳᠤᠵᠤ ᠪᠠᠢᠭ᠎ᠠ ᠭᠠᠵᠠᠷ ᠢ᠋ᠶ᠋ᠠᠷ ᠠᠶᠤᠯ ᠲᠦᠭᠰᠢᠭᠦᠷᠢ ᠶ᠋ᠢ ᠬᠠᠢᠬᠤᠷᠤᠯ ᠦᠭᠡᠢ ᠠᠶᠠᠯᠠᠬᠤ ᠠ᠋ᠴᠠ ᠲᠠᠲᠠᠭᠠᠯᠵᠠᠭᠰᠠᠨ ᠠᠵᠢ᠃ 
       - ᠳᠡᠭᠡᠷᠡᠮᠴᠢᠳ ᠬᠢᠲᠠᠳ ᠤ᠋ᠨ ᠴᠡᠷᠢᠭ ᠲᠡᠢ ᠣᠢᠷᠠᠳᠴᠤ ᠣᠴᠢᠬᠤ ᠳ᠋ᠠᠭᠠᠨ ᠤᠷᠢᠳ ᠢ᠋ᠶ᠋ᠠᠷ ᠣᠢᠷ᠎ᠠ ᠵᠠᠭᠤᠷ᠎ᠠ ᠶ᠋ᠢᠨ ᠬᠣᠶᠠᠷ ᠵᠠᠭᠤ ᠣᠷᠴᠢᠮ ᠬᠢᠲᠠᠳ ᠨᠡᠭᠦᠳᠡᠯᠴᠢᠳ ᠢ᠋ ᠫᠤᠤ ᠶ᠋ᠢᠨ ᠪᠥᠭᠯᠡᠭᠡ ᠪᠣᠯᠭᠠᠨ ᠬᠠᠮᠤᠭ ᠤ᠋ᠨ ᠡᠮᠦᠨ᠎ᠡ ᠨᠢ ᠳᠠᠭᠠᠷᠢᠭᠤᠯᠪᠠ᠃ ᠲᠡᠳᠡᠨ ᠡᠴᠡ ᠭᠠᠭᠴᠠ ᠬᠥᠮᠦᠨ ᠴᠦ᠍ ᠠᠮᠢᠳᠤ ᠦᠯᠡᠳᠡᠭᠰᠡᠨ ᠦᠭᠡᠢ᠂ ᠮᠥᠨ ᠳᠡᠭᠡᠷᠡᠮᠴᠢᠳ ᠴᠦ᠍ ᠶᠡᠬᠡ ᠬᠣᠬᠢᠷᠠᠵᠠᠢ᠃ ᠬᠢᠲᠠᠳ ᠴᠡᠷᠢᠭ ᠦ᠋ᠳ ᠬᠥᠮᠦᠨ ᠦ᠌ ᠲᠣᠭ᠎ᠠ ᠪᠠᠷ ᠣᠯᠠᠨ ᠪᠥᠭᠡᠳ ᠵᠡᠪᠰᠡᠭ ᠰᠠᠢᠲᠠᠢ᠃ ᠰᠠᠷᠠᠩᠪᠦᠤ ᠶ᠋ᠢᠨ ᠪᠦᠯᠦᠭ ᠢ᠋ ᠪᠦᠰᠡᠯᠡᠵᠦ ᠠᠪᠤᠭᠠᠳ ᠭᠤᠷᠪᠠᠨ ᠡᠳᠦᠷ ᠲᠤᠯᠤᠯᠳᠤᠪᠠ᠃ ᠶᠠᠫᠣᠨ ᠤ᠋ ᠵᠡᠪᠰᠡᠭ ᠬᠦᠷᠭᠡᠭᠰᠡᠨ ᠠᠴᠢᠶᠠᠨ ᠤ᠋ ᠮᠠᠰᠢᠨ ᠰᠢᠷᠬᠠᠲᠠᠨ ᠢ᠋ ᠲᠡᠭᠡᠭᠡᠵᠦ ᠵᠠᠪᠰᠠᠷ ᠲᠠᠭᠠᠨ ᠪᠤᠴᠠᠪᠠ ᠭᠡᠯ᠎ᠡ᠃ 
       - ᠡᠨᠡ ᠴᠦ᠍ ᠲᠤᠷᠰᠢᠯᠲᠠ ᠶ᠋ᠢᠨ ᠴᠢᠨᠠᠷᠲᠠᠢ ᠳᠠᠭᠠᠷᠢᠯᠲᠠ ᠪᠠᠢᠨ᠎ᠠ᠃ ᠶᠠᠫᠣᠨ ᠤ᠋ ᠮᠣᠩᠭᠣᠯ ᠠᠷᠮᠢ ᠬᠢᠲᠠᠳ ᠴᠡᠷᠢᠭ ᠢ᠋ ᠰᠢᠭᠤᠳ ᠳᠠᠭᠠᠷᠢᠬᠤ ᠪᠡᠯᠡᠳᠬᠡᠯ ᠢ᠋ᠶ᠋ᠡᠨ ᠰᠠᠢᠨ ᠬᠢᠭᠡ ᠦᠭᠡᠢ ᠪᠠᠢᠭ᠎ᠠ ᠳᠠ ! ᠡᠨᠡ ᠲᠡᠢᠨ ᠳ᠋ᠦ᠍ ᠬᠡᠨ ᠴᠦ᠍ ᠨᠢᠭᠤᠷ ᠢ᠋ᠶ᠋ᠠᠨ ᠪᠠᠷᠠᠭᠰᠠᠨ ᠤᠴᠢᠷ ᠦᠭᠡᠢ᠂ ᠶᠠᠪᠤᠨ ᠴᠤ᠌ ᠲᠡᠷᠡ᠂ ᠮᠣᠩᠭᠣᠯᠴᠤᠳ ᠴᠤ᠌ ᠲᠡᠷᠡ᠃ ᠤᠴᠢᠷ ᠨᠢ ᠠᠯᠢᠪᠠ ᠪᠤᠷᠤᠭᠤ ᠶ᠋ᠢ ᠴᠥᠮ ᠰᠠᠷᠠᠩᠪᠦᠤ ᠶ᠋ᠢᠨ ᠳᠡᠭᠡᠷᠡᠮ ᠳ᠋ᠦ᠍ ᠲᠦᠯᠬᠢᠪᠡᠯ ᠪᠠᠷᠠᠭᠰᠠᠨ ᠬᠡᠷᠡᠭ ᠭᠡᠵᠦ ᠴᠠᠭᠠᠨ ᠬᠦᠷᠢᠶᠡᠨ ᠳ᠋ᠦ᠍ ᠲᠦᠷ ᠠᠮᠠᠷᠠᠵᠤ ᠪᠠᠢᠭᠰᠠᠨ ᠨᠢᠭᠡ ᠵᠣᠴᠢᠨ ᠶᠠᠷᠢᠯ᠎ᠠ᠃ 
       ᠲᠡᠢᠨ ᠡᠴᠡ ᠪᠣᠯᠵᠤ ᠵᠠᠪᠰᠠᠷ ᠪᠠ ᠴᠢᠭᠤᠯᠤᠯᠲᠤ ᠬᠠᠭᠠᠯᠭ᠎ᠠ ᠶ᠋ᠢᠨ ᠬᠣᠭᠣᠷᠣᠨᠳᠣᠬᠢ ᠮᠠᠰᠢᠨ ᠢ᠋ ᠨᠡᠩ ᠴᠢᠩᠭ᠎ᠠ ᠪᠠᠷ ᠪᠠᠢᠴᠠᠭᠠᠨ ᠰᠢᠯᠭᠠᠬᠤ ᠪᠣᠯᠵᠤ᠂ ᠨᠠᠮᠠᠶ᠋ᠢ ᠴᠣᠬᠣᠮ ᠶᠠᠮᠠᠷ ᠵᠠᠮ ᠢ᠋ᠶ᠋ᠠᠷ ᠴᠢᠭᠤᠯᠤᠯᠲᠤ ᠬᠠᠭᠠᠯᠭ᠎ᠠ ᠳ᠋ᠤ᠌ ᠶᠠᠪᠤᠭᠤᠯᠬᠤ ᠲᠤᠬᠠᠢ ᠯᠠᠷᠰᠤᠨ ᠵᠣᠪᠠᠵᠤ ᠡᠬᠢᠯᠡᠪᠡ᠃ ᠮᠢᠨᠦ ᠠᠪᠴᠤ ᠪᠠᠢᠭ᠎ᠠ ᠣᠯᠠᠨ ᠰᠠᠢᠬᠠᠨ ᠵᠢᠷᠤᠭ ᠰᠡᠭᠦᠳᠡᠷ ᠦ᠋ᠳ ᠢ᠋ ᠪᠠᠢᠴᠠᠭᠠᠯᠲᠠ ᠳᠡᠭᠡᠷ᠎ᠡ ᠪᠦᠬᠦᠨ ᠢ᠋ ᠠᠯᠳᠠᠬᠤ ᠪᠣᠯᠤᠯᠴᠠᠭ᠎ᠠ ᠲᠠᠢ ᠪᠠᠢᠯ᠎ᠠ᠃ 
       - ᠪᠢ ᠥᠪᠡᠷ ᠦ᠋ᠨ ᠢ᠋ᠶ᠋ᠡᠨ ᠬᠥᠭᠰᠢᠷᠡᠭᠰᠡᠨ ᠳ᠋ᠡᠭᠡᠨ ᠪᠠᠶᠠᠷᠯᠠᠵᠤ ᠪᠠᠢᠨ᠎ᠠ᠃ ᠶᠡᠬᠡ ᠬᠦᠷᠢᠶ᠎ᠡ ᠳ᠋ᠡᠬᠢ ᠮᠢᠨᠦ ᠣᠷᠳᠣᠨ ᠪᠣᠯ ᠣᠷᠣᠰᠴᠤᠳ ᠢᠷᠡᠬᠦ ᠪᠣᠯᠲᠠᠯ᠎ᠠ ᠳᠡᠯᠡᠬᠡᠢ ᠳᠡᠭᠡᠷᠡᠬᠢ ᠳ᠋ᠧᠪᠠᠵᠠᠨ ᠪᠠᠢᠭᠰᠠᠨ᠃ ᠴᠠᠭᠠᠨ ᠬᠦᠷᠢᠶᠡᠨ ᠦ᠌ ᠰᠦᠮ᠎ᠡ ᠲᠡᠢᠮᠦ ᠭᠣᠶᠣ ᠪᠢᠰᠢ ᠪᠣᠯᠪᠠᠴᠤ ᠪᠢ ᠬᠠᠷᠢᠨ ᠠᠳᠠ ᠲᠠᠭᠠᠲᠠᠢᠬᠠᠨ ᠬᠡᠳᠦᠨ ᠵᠢᠯ ᠢ᠋ ᠥᠩᠭᠡᠷᠡᠭᠦᠯᠦᠯ᠎ᠡ᠃ ᠣᠳᠣ ᠶᠠᠫᠣᠨᠴᠤᠳ ᠢᠷᠡᠯ᠎ᠡ᠃ ᠠᠯᠢ ᠨᠢᠭᠡᠨ ᠡᠳᠦᠷ ᠪᠢ ᠴᠦ᠍ ᠠᠳᠠ ᠠ᠋ᠴᠠ ᠵᠠᠢᠯᠠᠬᠤ ᠪᠣᠯᠤᠯ᠎ᠠ ᠭᠡᠵᠦ ᠯᠠᠷᠰᠤᠨ ᠨᠢᠭᠡ ᠦᠳᠡᠰᠢ ᠶᠠᠷᠢᠯ᠎ᠠ᠃ 
       - ᠲᠠ ᠬᠡᠲᠦᠷᠬᠡᠢ ᠭᠤᠲᠤᠷᠠᠩᠭᠤᠢ ᠪᠠᠢᠨ᠎ᠠ ᠭᠡᠵᠦ ᠪᠢ ᠨᠢᠴᠤᠭᠠᠭᠠᠳ ᠶᠠᠪᠤᠨᠴᠤᠳ ᠲᠠᠨ ᠢ᠋ ᠶᠠᠭᠤ ᠭᠡᠵᠦ ᠬᠥᠭᠡᠭᠡᠬᠦ ᠪᠣᠢ? ᠭᠡᠵᠦ ᠠᠰᠠᠭᠤᠪᠠ᠃ 
       - ᠤᠴᠢᠷ ᠨᠢ ᠮᠣᠩᠭᠣᠯᠴᠤᠳ ᠨᠠᠮᠠᠶ᠋ᠢ ᠢᠲᠡᠭᠡᠳᠡᠭ᠂ ᠨᠠᠳᠠ ᠳ᠋ᠤ᠌ ᠪᠦᠬᠦᠨ ᠢ᠋ᠶ᠋ᠡᠨ ᠶᠠᠷᠢᠳᠠᠭ ᠪᠥᠭᠡᠳ ᠨᠠᠳᠠ ᠠ᠋ᠴᠠ ᠵᠥᠪᠯᠡᠯᠭᠡ ᠴᠦ᠍ ᠠᠪᠴᠤ ᠪᠠᠢᠳᠠᠭ᠃ ᠡᠨᠡ ᠨᠢ ᠶᠠᠫᠣᠨᠴᠤᠳ ᠲᠤ᠌ ᠲᠠᠭᠠᠯᠠᠮᠵᠢ ᠦᠭᠡᠢ ᠤᠴᠢᠷ ᠰᠢᠦ ᠳᠡ᠃ ᠲᠡᠢᠮᠦ ᠠ᠋ ! ᠪᠢ ᠴᠦ᠍ ᠶᠠᠷᠢᠶᠠᠨ ᠦᠭᠡᠢ ᠮᠣᠩᠭᠣᠯ ᠳ᠋ᠤ᠌ ᠪᠠᠰᠠ ᠢᠯᠡᠭᠦᠦ ᠬᠡᠳᠦᠨ ᠵᠢᠯ ᠦᠷᠭᠦᠯᠵᠢᠯᠡᠨ ᠰᠠᠢᠬᠠᠨ ᠠᠮᠢᠳᠤᠷᠠᠬᠤ ᠶ᠋ᠢ ᠬᠦᠰᠡᠨ᠎ᠡ ᠳᠡ ᠭᠡᠵᠦ ᠯᠠᠷᠰᠤᠨ ᠬᠠᠷᠢᠭᠤᠯᠤᠯ᠎ᠠ᠃