ᠰᠢᠨ᠎ᠡ ᠪᠢᠩᠲᠦ ᠸᠠᠩ ᠤ᠋ᠨ ᠳᠠᠭᠤᠤ - ᠳᠠᠷᠤᠴᠢᠨ ᠨᠠᠨᠳᠢᠨШинэ бинт вангийн дуу-Дарчин Нандин
ᠰᠢᠨ᠎ᠡ ᠪᠢᠩᠲᠦ ᠸᠠᠩ ᠤ᠋ᠨ ᠳᠠᠭᠤᠤ
ᠳᠠᠷᠤᠴᠢᠨ ᠨᠠᠨᠳᠢᠨ
ᠮᠥᠩᠭᠥ ᠵᠣᠭᠣᠰ ᠢ᠋ ᠨᠢ ᠣᠯᠤᠨ᠎ᠠ ᠯᠠ ᠭᠡᠳ
ᠨᠠᠰᠤ ᠪᠠᠷ ᠢ᠋ᠶ᠋ᠠᠨ ᠪᠦᠦ ᠦᠢᠯᠡ ᠪᠠᠷᠠᠭᠠᠳ ᠪᠠᠢ ᠬᠦᠢ
ᠮᠥᠷᠭᠥᠯ ᠪᠠᠷᠢᠴᠠ ᠶ᠋ᠢ ᠨᠢ ᠭᠦᠢᠴᠡᠭᠡᠨ᠎ᠡ ᠯᠡ ᠭᠡᠳ
ᠠᠰ ᠢ᠋ᠶ᠋ᠠᠷ ᠢ᠋ᠶ᠋ᠠᠨ ᠪᠦᠦ ᠯᠡ ᠮᠢᠨᠴᠦᠭᠦᠷᠡᠭᠡᠳ ᠪᠠᠢ ᠬᠦᠢ
ᠦᠨᠳᠦᠰᠦᠨ ᠰᠣᠶᠣᠯ ᠦᠰᠦᠭ ᠪᠢᠴᠢᠭ ᠴᠢᠨᠢ
ᠦᠨᠡᠷᠡᠨ ᠵᠠᠩᠭᠢᠯᠠᠭ᠎ᠠ ᠶ᠋ᠢᠨ ᠦᠶ᠎ᠡ ᠳ᠋ᠦ᠍ ᠬᠦᠷᠴᠡᠢ
ᠰᠡᠷᠢᠭᠡᠴᠢ ᠳᠡ ᠮᠣᠩᠭᠣᠯᠴᠤᠳ ᠠ᠋
ᠥᠨᠥ ᠡᠴᠡ ᠪᠡᠨ ᠡᠬᠢᠯᠡᠭᠡᠳ ᠳᠠᠶᠠᠭᠠᠷ ᠢ᠋ᠶ᠋ᠠᠨ
ᠥᠮᠴᠢᠯᠡᠭᠡᠳ ᠠᠪᠤᠶ᠎ᠠ ᠪᠣᠯᠬᠤ ᠤᠤ ᠳᠠ ᠬᠦᠢ
ᠵᠢᠭᠦᠷ ᠰᠣᠳᠣ ᠴᠢᠨᠢ ᠪᠦᠷᠢᠳᠦᠯ᠎ᠡ ᠭᠡᠳ
ᠵᠢᠰᠦ ᠪᠡᠨ ᠦᠷᠭᠦᠯᠵᠢ ᠳᠤᠯᠢᠳᠠᠭᠠᠳ ᠪᠠᠢ ᠬᠦᠢ
ᠵᠢᠩᠰᠡ ᠵᠡᠷᠭᠡ ᠴᠢᠨᠢ ᠨᠡᠮᠡᠭᠳᠡᠯ᠎ᠡ ᠭᠡᠳ
ᠵᠢᠷᠦᠬᠡ ᠪᠡᠨ ᠢᠮᠠᠭᠲᠠ ᠴᠢᠩᠨᠠᠭᠠᠳ ᠪᠠᠢ ᠬᠦᠢ
ᠳᠡᠭᠡᠳᠦᠰ ᠡᠴᠡ ᠤᠯᠪᠠᠭᠠᠯᠠᠭᠰᠠᠨ ᠥᠪ ᠰᠣᠶᠣᠯ ᠢ᠋ᠶ᠋ᠠᠨ
ᠳᠡᠯᠡᠬᠡᠢ ᠳ᠋ᠦ᠍ ᠲᠠᠷᠬᠠᠭᠠᠬᠤ ᠴᠠᠭ ᠲᠤᠯᠵᠠᠢ
ᠬᠠᠷᠠᠭᠠᠴᠢ ᠳᠠ ᠮᠣᠩᠭᠣᠯᠴᠤᠳ ᠠ
ᠳᠡᠭᠵᠢᠷᠡᠨ ᠳᠡᠪᠰᠢᠬᠦ ᠦᠷᠡᠰ ᠦ᠋ᠨ ᠢ᠋ᠶ᠋ᠡᠨ ᠲᠥᠯᠥᠭᠡ
ᠳᠡᠯᠭᠡᠷᠡᠭᠦᠯᠵᠦ ᠶᠠᠪᠤᠶ᠎ᠠ ᠪᠣᠯᠬᠤ ᠤᠤ ᠳᠠ ᠬᠦᠢ
ᠤᠯᠤᠰ ᠤ᠋ᠨ ᠰᠢᠯᠭᠠᠯᠲᠠ ᠳ᠋ᠤ᠌ ᠣᠷᠣᠭᠤᠯᠬᠤ ᠦᠭᠡᠢ ᠯᠡ ᠭᠡᠳ
ᠤᠯᠠᠮᠵᠢᠯᠠᠵᠤ ᠵᠠᠯᠭᠠᠬᠤ ᠪᠠᠨ ᠵᠣᠭᠰᠣᠴᠢᠬᠠᠨᠠ ᠤᠤ ᠳᠠ ᠬᠦᠢ
ᠥᠪᠯᠡᠵᠦ ᠬᠥᠭᠵᠢᠭᠦᠯᠬᠦ ᠡᠷᠬᠡ ᠲᠡᠢ ᠭᠡᠵᠦ ᠪᠠᠢᠬᠤᠯᠠᠷ
ᠥᠪᠡᠷᠲᠡᠭᠡᠨ ᠡᠭᠦᠷᠭᠡ ᠪᠡᠨ ᠬᠠᠶᠠᠴᠢᠬᠠᠨ᠎ᠠ ᠤᠤ ᠳᠠ ᠬᠦᠢ
ᠴᠠᠬᠢᠮ ᠣᠷᠴᠢᠨ ᠳ᠋ᠤ᠌ ᠰᠤᠷᠴᠤ ᠬᠡᠷᠡᠭᠯᠡᠬᠦ
ᠴᠠᠭᠯᠠᠰᠢ ᠦᠭᠡᠢ ᠰᠠᠢᠬᠠᠨ ᠲᠣᠬᠢᠶᠠᠯ ᠢᠷᠡᠵᠡᠢ
ᠬᠤᠷᠠᠭᠠᠴᠢ ᠳᠠ ᠮᠣᠩᠭᠣᠯᠴᠤᠳ ᠠ᠋
ᠴᠠᠭ ᠤ᠋ᠨ ᠰᠠᠢᠬᠠᠨ ᠢ᠋ ᠵᠠᠪᠳᠤᠵᠤ ᠯᠠ ᠪᠠᠢᠭᠠᠳ
ᠴᠢᠷᠮᠠᠢᠵᠤ ᠰᠤᠷᠤᠯᠴᠠᠶ᠎ᠠ ᠬᠠᠮᠲᠤ ᠪᠠᠷ ᠢ᠋ᠶ᠋ᠠᠨ ᠬᠦᠢ
ᠴᠢᠨᠠᠭᠰᠢᠳᠠ ᠮᠠᠨᠳᠤᠭᠤᠯᠤᠶ᠎ᠠ ᠪᠦᠭᠦᠳᠡᠭᠡᠷ ᠢ᠋ᠶ᠋ᠡᠨ ᠬᠦᠢ᠁
2024.9.1
ᠦᠰᠦᠭ ᠠᠮᠢᠯᠠᠭᠤᠯᠤᠭᠴᠢ᠄ ᠳᠠᠷᠤᠴᠢᠨ ᠨᠠᠨᠳᠢᠨ
ᠬᠢᠨᠠᠭᠴᠢ᠄ ᠣᠳᠬᠠᠨᠰᠣ᠎ᠠ
