ᠤᠨᠠᠭ᠎ᠠ ᠳᠠᠭ᠎ᠠ ᠲᠠᠢ ᠪᠣᠯᠤᠨ᠎ᠠ-ᠲᠡᠮᠦᠷ ᠦ᠋ᠨ ᠠᠯᠳᠠᠨᠴᠡᠴᠩУнага даагатай болно ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠨᠠᠭ᠎ᠠ ᠳᠠᠭ᠎ᠠ ᠲᠠᠢ ᠪᠣᠯᠤᠨ᠎ᠠ-ᠲᠡᠮᠦᠷ ᠦ᠋ᠨ ᠠᠯᠳᠠᠨᠴᠡᠴᠩУнага даагатай болно

ᠤᠨᠠᠭ᠎ᠠ ᠳᠠᠭ᠎ᠠ ᠲᠠᠢ ᠪᠣᠯᠤᠨ᠎ᠠ-ᠲᠡᠮᠦᠷ ᠦ᠋ᠨ ᠠᠯᠳᠠᠨᠴᠡᠴᠩУнага даагатай болно

2024-09-09

803

   ᠲᠡᠮᠦᠷ ᠦ᠋ᠨ ᠠᠯᠳᠠᠨᠴᠡᠴᠩ 

ᠡᠵᠢ ᠨᠠᠳᠠ 
ᠳᠡᠪᠡᠯ ᠬᠢᠪᠡ᠃
ᠤᠷᠲᠤ ᠬᠣᠷᠮᠣᠢ ᠨᠢ 
ᠤᠨᠠᠭ᠎ᠠ ᠳᠠᠭ᠎ᠠ 
ᠬᠣᠢᠲᠤ ᠬᠣᠷᠮᠣᠢ ᠨᠢ 
ᠬᠣᠨᠢ ᠬᠤᠷᠠᠭ᠎ᠠ ᠭᠡᠵᠦ 

ᠨᠠᠮᠠᠶ᠋ᠢ ᠢᠷᠦᠭᠡᠪᠡ᠃
ᠤᠨᠠᠭ᠎ᠠ ᠳᠠᠭ᠎ᠠ ᠲᠠᠢ ᠪᠣᠯᠤᠨ᠎ᠠ᠃
ᠣᠯᠠᠨ ᠳᠠᠬᠢᠨ 
ᠰᠢᠨ᠎ᠡ ᠳᠡᠪᠡᠯ ᠡᠮᠦᠰᠪᠡᠯ 
ᠤᠷᠲᠤ ᠭᠣᠣᠯ ᠢ᠋ᠶ᠋ᠠᠨ 
ᠳᠦᠭᠦᠷᠦᠭᠰᠡᠨ 
ᠤᠨᠠᠭ᠎ᠠ ᠳᠠᠭ᠎ᠠ ᠲᠠᠢ
ᠬᠣᠢᠲᠤ ᠲᠠᠯ᠎ᠠ ᠪᠠᠨ ᠪᠦᠷᠬᠦᠭᠰᠡᠨ
ᠬᠣᠨᠢ ᠬᠤᠷᠠᠭ᠎ᠠ ᠲᠠᠢ
ᠪᠣᠯᠬᠤ ᠶᠤᠮ ᠪᠠᠢᠨ᠎ᠠ᠃
ᠲᠣᠮᠣ ᠪᠣᠯᠤᠭᠠᠳ
ᠮᠠᠯᠴᠢᠨ ᠪᠣᠯᠤᠨ᠎ᠠ
ᠰᠢᠨ᠎ᠡ ᠳᠡᠪᠡᠯ ᠡᠮᠦᠰᠦᠭᠰᠡᠨ
ᠬᠡᠦᠬᠡᠳ ᠦ᠋ᠳ
ᠪᠦᠭᠦᠳᠡ ᠠᠳᠠᠯᠢᠬᠠᠨ
ᠢᠷᠥᠭᠡᠯᠭᠡᠳᠡᠭ ᠪᠣᠯᠪᠠ ᠤᠤ

      1991 ᠣᠨ

   ᠦᠰᠦᠭ ᠠᠮᠢᠯᠠᠭᠤᠯᠤᠭᠴᠢ᠄ ᠸᠠᠩ᠂ ᠪᠠᠳᠮ᠎ᠠ
   ᠬᠢᠨᠠᠭᠴᠢ᠄ ᠣᠳᠬᠠᠨᠰᠣ᠎ᠠ