ᠬᠠᠷ᠎ᠠ ᠬᠤᠪᠢᠩ -ᠪᠤᠶᠠᠨᠪᠠᠲᠤХар хувин-Буянбат ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠬᠤᠪᠢᠩ -ᠪᠤᠶᠠᠨᠪᠠᠲᠤХар хувин-Буянбат

ᠬᠠᠷ᠎ᠠ ᠬᠤᠪᠢᠩ -ᠪᠤᠶᠠᠨᠪᠠᠲᠤХар хувин-Буянбат

2024-09-08

1524

ᠬᠠᠷ᠎ᠠ ᠬᠤᠪᠢᠩ

      ᠪᠤᠶᠠᠨᠪᠠᠲᠤ
ᠮᠥᠷᠡᠨ ᠭᠣᠣᠯ ᠤ᠋ᠨ ᠴᠠᠳᠬᠤᠯᠠᠩᠲᠦ ᠰᠢᠷᠭᠢᠰᠢ ᠦᠭᠡᠢ ᠶᠡᠬᠡ ᠳᠠᠯᠠᠢ ᠮᠡᠲᠦ 
ᠮᠥᠩᠬᠡᠳᠡ ᠦᠷ᠎ᠡ ᠠᠴᠢᠨᠠᠷ ᠤ᠋ᠨ ᠵᠠᠯᠭᠠᠮᠵᠢ ᠪᠠᠷ ᠪᠠᠳᠠᠷᠠᠩᠬᠠᠨ ᠳᠡᠯᠭᠡᠷᠡᠵᠦ 
ᠬᠥᠨᠳᠡᠢ ᠴᠡᠭᠡᠵᠢᠨ ᠳ᠋ᠦ᠍ ᠣᠷᠣᠭᠰᠢ ᠪᠦᠬᠦᠨ ᠢ᠋ ᠨᠡᠪᠲᠡᠷᠡᠭᠦᠯᠬᠦ ᠴᠢᠳᠠᠯᠲᠤ 
ᠬᠥᠭᠵᠢᠮ ᠮᠡᠲᠦ ᠢᠷᠠᠭᠤ ᠪᠠᠶᠠᠰᠬᠤᠯᠠᠩᠲᠤ ᠮᠣᠩᠭᠣᠯ ᠬᠡᠯᠡ ᠮᠢᠨᠦ 
ᠬᠤᠲᠤᠭ ᠥᠯᠵᠡᠢ ᠪᠦᠷᠢᠳᠦᠭᠰᠡᠨ ᠬᠤᠪᠢ ᠵᠠᠶᠠᠭ᠎ᠠ ᠶᠡᠬᠡ ᠲᠦᠮᠡᠨ ᠦ᠌ ᠮᠢᠨᠢ
ᠬᠤᠷᠴᠠ ᠠᠪᠢᠶᠠᠰᠲᠤ ᠬᠥᠪᠡᠭᠦᠨ ᠳᠡᠭᠦᠦ ᠨᠠᠷ ᠬᠠᠯᠠᠭᠤᠨ ᠡᠯᠢᠭᠡᠳᠡᠨ ᠬᠣᠲᠠᠯᠠᠭᠠᠷ
ᠡᠭᠡᠰᠢᠭᠲᠦ ᠰᠠᠢᠬᠠᠨ ᠮᠣᠩᠭᠣᠯ ᠬᠡᠯᠡ ᠶᠦ᠍ᠭᠡᠨ ᠨᠡᠩ ᠬᠠᠢᠷᠠᠯᠠᠨ ᠳᠡᠭᠡᠳᠦᠯᠡᠵᠦ
ᠡᠩᠬᠦᠷᠡᠢᠯᠡᠨ ᠪᠠᠳᠠᠷᠠᠭᠤᠯᠬᠤ ᠵᠣᠷᠢᠭ ᠲᠡᠭᠦᠰ ᠶᠠᠭᠤᠲᠠᠢ ᠰᠠᠢᠬᠠᠨ
      — ᠪ· · ᠷᠢᠨᠴᠢᠨ(ᠮᠣᠩᠭᠣᠯ ᠬᠡᠯᠡ)

     ᠬᠡᠯᠡ ᠭᠡᠳᠡᠭ ᠮᠥᠩᠬᠡ ᠪᠤᠰᠤ ᠶ᠋ᠢᠨ ᠲᠠᠪᠢᠯᠠᠩ ᠲᠠᠢ ᠠᠵᠢ᠃ ᠡᠭᠦᠰᠬᠦ ᠬᠥᠭᠵᠢᠬᠦ ᠶ᠋ᠢᠨ ᠬᠤᠪᠢ ᠲᠣᠬᠢᠶᠠᠯ ᠪᠠᠢᠭᠰᠠᠨ ᠭᠡᠬᠦ ᠳ᠋ᠦ᠍ ᠠᠭᠤᠰᠴᠤ ᠮᠥᠬᠥᠬᠦ ᠶ᠋ᠢᠨ ᠪᠠᠷᠠᠭᠠᠨ ᠰᠡᠭᠦᠳᠡᠷ ᠲᠡᠭᠦᠨ ᠢ᠋ ᠢᠮᠠᠭᠲᠠ ᠠᠳᠠ ᠴᠢᠳᠬᠥᠷ ᠰᠢᠭ ᠭᠡᠲᠡᠨ ᠳᠠᠭᠠᠵᠤ ᠣᠳᠣᠨ ᠬᠦᠯᠢᠶᠡᠵᠦ ᠪᠠᠢᠳᠠᠭ ᠪᠥᠯᠥᠭᠡ᠃
     《ᠠᠷᠢᠭᠤᠨ ᠨᠣᠮ ᠳ᠋ᠤ᠌》 ᠡᠢᠮᠦ ᠨᠢᠭᠡ ᠦᠯᠢᠭᠡᠷ ᠪᠠᠢᠬᠤ ᠶᠤᠮ᠃ ᠪᠠᠪᠢᠯᠤᠨᠴᠤᠳ
ᠲᠩᠷᠢ ᠳ᠋ᠦ᠍ ᠨᠡᠪᠲᠡᠷᠡᠬᠦ ᠨᠢᠭᠡᠨ ᠴᠠᠮᠬᠠᠭ(Bаbel) ᠪᠣᠰᠬᠠᠬᠤ ᠭᠡᠵᠡᠢ᠃ ᠪᠤᠷᠬᠠᠨ ᠲᠩᠷᠢ ᠡᠨᠡ ᠲᠥᠯᠥᠪᠯᠡᠯᠲᠡ ᠳ᠋ᠦ᠍ ᠮᠠᠰᠢ ᠳᠤᠷ᠎ᠠ ᠦᠭᠡᠢ ᠪᠠᠢᠭᠰᠠᠨ ᠪᠥᠭᠡᠳ ᠲᠡᠭᠦᠨ ᠢ᠋ ᠰᠠᠭᠠᠲᠠᠭᠠᠬᠤ ᠪᠠᠷ ᠰᠢᠢᠳᠴᠡᠢ᠃ ᠢᠩᠭᠢᠭᠡᠳ ᠠᠯᠢᠪᠠ ᠪᠠᠷᠢᠯᠭᠠᠴᠢᠳ ᠢ᠋ ᠠᠳᠠᠯᠢ ᠪᠤᠰᠤ ᠬᠡᠯᠡ ᠲᠡᠢ ᠪᠣᠯᠭᠠᠵᠤ ᠣᠷᠬᠢᠭᠰᠠᠨ ᠠ᠋ᠴᠠ ᠲᠡᠭᠦᠨ ᠦ᠌ ᠦᠷ᠎ᠡ ᠳᠠᠭᠠᠪᠤᠷᠢ ᠶᠡᠬᠡ ᠦᠢᠮᠡᠭᠡᠨ ᠡᠭᠦᠰᠬᠡᠵᠦ᠂ ᠥᠨᠥᠬᠢ ᠴᠠᠮᠬᠠᠭ ᠪᠤᠰᠬᠠᠬᠤ ᠭᠡᠰᠡᠨ ᠨᠢ ᠣᠮ ᠫᠠᠳ ᠪᠣᠯᠵᠤ ᠬᠣᠴᠣᠷᠪᠠ᠃ ᠪᠤᠷᠬᠠᠨ ᠲᠩᠷᠢ ᠲᠡᠭᠡᠭᠡᠳ ᠪᠠᠰᠠ ᠠᠳᠠᠯᠢ ᠪᠤᠰᠤ ᠬᠡᠯᠡᠲᠡᠨ ᠢ᠋ ᠳᠡᠯᠡᠬᠡᠢ ᠶ᠋ᠢᠨ ᠲᠠᠯ᠎ᠠ ᠪᠣᠯᠭᠠᠨ ᠳ᠋ᠤ᠌ ᠲᠠᠷᠬᠠᠭᠠᠨ ᠰᠠᠭᠤᠯᠭᠠᠭᠰᠠᠨ ᠭᠡᠳᠡᠭ᠃ ᠡᠨᠡ ᠪᠣᠯ《ᠠᠷᠢᠭᠤᠨ ᠨᠣᠮ》 ᠳ᠋ᠤ᠌ ᠬᠥᠮᠦᠨ ᠲᠥᠷᠥᠯᠬᠢᠲᠡᠨ ᠦ᠌ ᠦᠭᠡ ᠬᠡᠯᠡᠨ ᠦ᠌ ᠵᠥᠷᠢᠶ᠎ᠡ ᠬᠡᠷᠬᠢᠨ ᠡᠭᠦᠰᠦᠭᠰᠡᠨ ᠲᠤᠬᠠᠢ ᠲᠠᠢᠯᠪᠤᠷᠢ ᠬᠢᠭᠰᠡᠨ ᠬᠡᠷᠡᠭ ᠶᠦᠮ᠃
     ᠦᠭᠡ ᠬᠡᠯᠡ ᠪᠣᠯ ᠬᠥᠮᠦᠨ ᠲᠥᠷᠥᠯᠬᠢᠲᠡᠨ ᠦ᠌ ᠦᠵᠡᠯ ᠢ᠋ᠶ᠋ᠡᠨ ᠬᠠᠷᠢᠯᠴᠠᠨ ᠰᠣᠯᠢᠯᠴᠠᠬᠤ ᠪᠠᠭᠠᠵᠢ ᠲᠡᠳᠦᠢ ᠦᠭᠡᠢ ᠬᠠᠷᠢᠨ ᠠᠳᠠᠯᠢ ᠪᠤᠰᠤ ᠰᠣᠶᠣᠯ᠂ ᠪᠠᠢᠭᠠᠯᠢ ᠣᠷᠴᠢᠨ᠂ ᠲᠡᠦᠬᠡ᠂ ᠬᠥᠮᠦᠨ ᠴᠢᠨᠠᠷ᠂ ᠰᠣᠶᠣᠯ ᠰᠡᠳᠬᠢᠬᠦᠢ ᠪᠣᠯᠤᠨ ᠴᠢᠰᠤᠨ ᠤᠳᠤᠮᠯᠠᠯ ᠤ᠋ᠨ ᠣᠨᠴᠠ ᠢᠯᠡᠷᠬᠡᠢᠯᠡᠯ ᠣᠩᠭᠣᠨ ᠲᠡᠮᠳᠡᠭᠯᠡᠭᠡᠰᠦ ᠪᠠᠢᠭ᠎ᠠ ᠠᠵᠢ᠃ ᠠᠮᠧᠷᠢᠺᠠ ᠶ᠋ᠢᠨ ᠬᠡᠯᠡᠨ ᠦ᠌ ᠡᠷᠳᠡᠮᠲᠡᠨ ᠴᠢᠶᠣᠮᠰᠺᠢ ᠬᠡᠯᠡᠬᠦ ᠪᠡᠷ ᠪᠣᠯ ᠬᠥᠮᠦᠨ ᠦ᠌ ᠬᠡᠯᠡᠨ ᠦ᠌ ᠴᠢᠳᠠᠪᠬᠢ ᠳᠣᠲᠣᠷᠠᠬᠢ ᠨᠢᠭᠡ ᠬᠡᠰᠡᠭ ᠨᠢ ᠲᠥᠷᠥᠯᠬᠢ ᠵᠠᠶᠠᠭᠠᠨ ᠤ᠋ ᠪᠦᠬᠦᠢᠯᠡ ᠬᠥᠮᠦᠨ ᠲᠥᠷᠥᠯᠬᠢᠲᠡᠨ ᠳ᠋ᠦ᠍ ᠨᠡᠢᠲᠡᠯᠢᠭ ᠪᠠᠢᠳᠠᠭ ᠠᠮᠢᠳᠤ ᠪᠣᠳᠠᠰ ᠤ᠋ᠨ ᠤᠳᠤᠮᠯᠠᠯ ᠪᠣᠯᠤᠨ ᠬᠤᠪᠢᠰᠤᠯ ᠤ᠋ᠨ ᠦᠷ᠎ᠡ ᠳᠠᠭᠠᠪᠤᠷᠢ ᠶᠤᠮ ᠭᠡᠨ᠎ᠡ᠃ ᠭᠡᠬᠦ ᠳ᠋ᠡᠭᠡᠨ ᠤᠷᠲᠤ ᠬᠤᠭᠤᠴᠠᠭᠠᠨ ᠤ᠋ ᠲᠡᠦᠬᠡᠨ ᠤᠷᠤᠰᠬᠠᠯ ᠳᠤᠮᠳᠠ ᠦᠨᠳᠦᠰᠦᠲᠡᠨ ᠤᠭᠰᠠᠭᠠᠲᠠᠨ ᠤ᠋ ᠬᠠᠷᠢᠯᠴᠠᠨ ᠨᠡᠪᠲᠡᠷᠡᠯᠴᠡᠯ ᠪᠣᠯᠤᠨ ᠨᠡᠢᠯᠡᠯᠭᠡ ᠡᠴᠡ ᠪᠣᠯᠵᠤ ᠲᠡᠳᠦᠢ ᠭᠡᠬᠦ ᠶ᠋ᠢᠨ ᠠᠷᠭ᠎ᠠ ᠦᠭᠡᠢ ᠣᠯᠠᠨ ᠦᠭᠡ ᠬᠡᠯᠡ ᠬᠠᠷᠢᠯᠴᠠᠨ ᠠᠭᠤᠰᠤᠯᠳᠠᠨ ᠰᠢᠩᠭᠡᠵᠦ《ᠮᠢᠨᠦ》 ᠭᠡᠬᠦ ᠶ᠋ᠢᠨ ᠠᠷᠭ᠎ᠠ ᠦᠭᠡᠢ ᠤᠰᠠᠳᠴᠤ ᠠᠯᠠᠭ᠎ᠠ ᠪᠣᠯᠪᠠ᠃ ᠥᠨᠥ ᠴᠠᠭ ᠲᠤ ᠦᠭᠡ ᠬᠡᠯᠡᠨ ᠦ᠌ ᠮᠥᠬᠥᠯ ᠦ᠋ᠨ ᠦᠵᠡᠭᠳᠡᠯ ᠤᠯᠠᠮ ᠲᠦᠷᠭᠡᠰᠴᠦ᠂ ᠲᠡᠭᠦᠨ ᠦ᠌ ᠤᠰᠠᠳᠤᠯ ᠤ᠋ᠨ ᠬᠡᠮᠵᠢᠶ᠎ᠡ ᠪᠡᠷ ᠠᠪᠴᠤ ᠬᠡᠯᠡᠭᠰᠡᠨ ᠴᠦ᠍ ᠲᠡᠷᠡ᠂ ᠳᠡᠯᠡᠬᠡᠢ ᠶ᠋ᠢᠨ ᠡᠯ᠎ᠡ ᠭᠠᠵᠠᠷ ᠲᠤ ᠪᠦᠷ ᠤᠷᠢᠳᠤ ᠡᠮᠦᠨ᠎ᠡ ᠶᠡᠷᠦ ᠡᠴᠡ ᠪᠠᠢᠭ᠎ᠠ ᠦᠭᠡᠢ ᠲᠦᠭᠰᠢᠭᠦᠷᠢᠲᠦ ᠬᠠᠨᠳᠤᠯᠭ᠎ᠠ ᠭᠠᠷᠴᠠᠢ᠃
     ᠥᠨᠥᠳᠥᠷ ᠪᠣᠯ ᠲᠣᠭ᠎ᠠ ᠪᠠᠷᠢᠮᠲᠠ ᠪᠠᠷ ᠨᠤᠲᠠᠯᠠᠨ ᠵᠥᠪᠰᠢᠶᠡᠷᠡᠳᠡᠭ ᠴᠠᠭ ᠦᠶ᠎ᠡ ᠪᠣᠯᠤᠭᠰᠠᠨ ᠪᠣᠯᠬᠣᠷ ᠡᠷᠬᠢᠮ ᠲᠠᠨᠠᠷ ᠮᠠᠨᠢ ᠨᠠᠮ᠎ᠠ ᠶ᠋ᠢ ᠳᠠᠭᠠᠭᠠᠳ ᠲᠣᠭ᠎ᠠ ᠪᠠᠷᠢᠮᠲᠠ ᠶ᠋ᠢ ᠬᠠᠷᠠᠯ ᠳᠠ᠃ ᠵᠢᠯ ᠪᠦᠷᠢ ᠶ᠋ᠢᠨ2 ᠰᠠᠷ᠎ᠠ ᠶ᠋ᠢᠨ21 ᠦ᠌ ᠡᠳᠦᠷ ᠢ᠋ ᠳᠡᠯᠡᠬᠡᠢ ᠶ᠋ᠢᠨ ᠡᠬᠡ ᠬᠡᠯᠡᠨ ᠦ᠌ ᠡᠳᠦᠷ ᠢ᠋ᠶ᠋ᠡᠷ ᠪᠠᠲᠤᠯᠠᠨ ᠲᠣᠭᠲᠠᠭᠠᠭᠰᠠᠨ ᠪᠢᠯᠡ᠃2023 ᠣᠨ ᠤ᠋ ᠡᠨᠡ ᠡᠳᠦᠷ ᠨᠢᠭᠡᠳᠦᠭᠰᠡᠨ ᠦᠨᠳᠦᠰᠦᠲᠡᠨ ᠦ᠌ ᠪᠠᠢᠭᠤᠯᠭ᠎ᠠ ᠶ᠋ᠢᠨ ᠪᠣᠯᠪᠠᠰᠤᠷᠠᠯ᠂ ᠰᠢᠨᠵᠢᠯᠡᠬᠦ ᠤᠬᠠᠭᠠᠨ᠂ ᠰᠣᠶᠣᠯ ᠤ᠋ᠨ ᠪᠠᠢᠭᠤᠯᠭ᠎ᠠ ᠠ᠋ᠴᠠ ᠬᠠᠮᠤᠭ ᠤ᠋ᠨ ᠰᠢᠨ᠎ᠡ ᠬᠡᠪᠯᠡᠯ《ᠮᠥᠬᠥᠯ ᠦ᠋ᠨ ᠢᠷᠮᠡᠭ ᠲᠦ᠍ ᠲᠤᠯᠤᠭᠰᠠᠨ ᠳᠡᠯᠡᠬᠡᠢ ᠶ᠋ᠢᠨ ᠬᠡᠯᠡ ᠨᠦ᠍ᠭᠦᠳ》 ᠭᠡᠰᠡᠨ ᠵᠢᠷᠤᠭᠲᠤ ᠳᠡᠪᠲᠡᠷ ᠬᠡᠪᠯᠡᠭᠳᠡᠪᠡ᠃ ᠡᠨᠡᠬᠦ ᠰᠤᠳᠤᠯᠭᠠᠨ ᠤ᠋ ᠮᠡᠳᠡᠭᠡᠯᠡᠯ ᠳ᠋ᠦ᠍ ᠥᠩᠭᠡᠷᠡᠭᠰᠡᠨ300 ᠵᠢᠯ ᠦ᠋ᠨ ᠲᠤᠷᠰᠢᠬᠢ ᠮᠠᠨ ᠤ᠋ ᠴᠡᠩᠬᠡᠷ ᠭᠠᠷᠠᠭ ᠳᠡᠭᠡᠷᠡᠬᠢ ᠤᠰᠠᠳᠤᠯ ᠤ᠋ᠨ ᠬᠤᠷᠳᠤᠴᠠ ᠢᠮᠠᠭᠲᠠ ᠨᠡᠮᠡᠭᠳᠡᠭᠰᠡᠭᠡᠷ ᠥᠨᠥ ᠪᠣᠯᠬᠤ ᠳ᠋ᠤ᠌ ᠳᠡᠯᠡᠬᠡᠢ ᠳᠡᠭᠡᠷᠡᠬᠢ7000 ᠵᠠᠪᠳᠤᠭᠤ ᠲᠥᠷᠥᠯ ᠦ᠋ᠨ ᠬᠡᠯᠡᠨ ᠦ᠌ ᠳᠣᠲᠣᠷ᠎ᠠ ᠠ᠋ᠴᠠ ᠬᠠᠮᠤᠭ ᠤ᠋ᠨ ᠨᠠᠭᠠᠳᠤ ᠵᠠᠬ᠎ᠠ ᠳ᠋ᠤ᠌ ᠪᠠᠨ ᠬᠠᠭᠠᠰ ᠢᠯᠡᠭᠦᠦ ᠨᠢ ᠮᠥᠬᠥᠯ ᠦ᠋ᠨ ᠢᠷᠮᠡᠭ ᠲᠦ᠍ ᠲᠤᠯᠵᠤ ᠣᠴᠢᠭᠰᠠᠨ ᠪᠤᠶᠤ ᠨᠣᠴᠢᠲᠠᠢ ᠰᠦᠷᠳᠡᠭᠦᠯᠭᠡ ᠳ᠋ᠦ᠍ ᠲᠤᠯᠵᠤ ᠣᠴᠢᠭᠰᠠᠨ ᠠᠵᠢ᠃
ᠠᠩᠭ᠌ᠯᠢ ᠶ᠋ᠢᠨ ᠰᠢᠨᠵᠢᠯᠡᠬᠦ ᠤᠬᠠᠭᠠᠨ ᠤ᠋ ᠨᠡᠷᠡᠲᠦ ᠰᠡᠳᠬᠦᠯ《ᠪᠠᠢᠭᠠᠯᠢ》 ᠳ᠋ᠤ᠌ ᠣᠷᠴᠢᠮᠬᠠᠨ ᠮᠡᠳᠡᠭᠡᠯᠡᠭᠰᠡᠨ ᠳᠡᠯᠡᠬᠡᠢ ᠳᠡᠭᠡᠷ᠎ᠡ ᠨᠢᠭᠡᠨᠲᠡ46 ᠬᠥᠮᠦᠨ ᠥᠪᠡᠷ ᠦ᠋ᠨ ᠦᠭᠡ ᠬᠡᠯᠡ ᠪᠡᠨ ᠮᠡᠳᠡᠳᠡᠭ ᠬᠠᠮᠤᠭ ᠰᠡᠭᠦᠯᠴᠢ ᠶ᠋ᠢᠨ《ᠠᠮᠢᠳᠤ ᠬᠡᠯᠡᠨ ᠦ᠌ ᠴᠢᠯᠠᠭᠤᠵᠢᠮᠠᠯ》 ᠪᠣᠯᠤᠭᠠᠳ ᠪᠠᠢᠭ᠎ᠠ ᠠᠵᠢ᠃ ᠲᠣᠳᠣᠷᠠᠭᠤᠯᠵᠤ ᠬᠡᠯᠡᠪᠡᠯ46 ᠦᠨᠳᠦᠰᠦᠲᠡᠨ ᠠᠪᠰᠠᠨ ᠤ᠋ ᠪᠠᠨ ᠠᠮᠠᠨ ᠳᠡᠭᠡᠷ᠎ᠡ ᠵᠣᠭᠰᠣᠵᠤ ᠪᠠᠢᠨ᠎ᠠ ᠭᠡᠰᠡᠨ ᠦᠭᠡ᠃ ᠪᠦᠷᠢᠳᠬᠡᠯ ᠢ᠋ ᠦᠨᠳᠦᠰᠦᠯᠡᠪᠡᠯ᠂ ᠳᠡᠯᠡᠬᠡᠢ ᠳ᠋ᠦ᠍ ᠣᠳᠣ ᠪᠠᠢᠭ᠎ᠠ6800 ᠭᠠᠷᠤᠢ ᠲᠥᠷᠥᠯ ᠦ᠋ᠨ ᠬᠡᠯᠡᠨ ᠡᠴᠡ ᠬᠠᠭᠠᠰ ᠲᠣᠭ᠎ᠠ ᠨᠢ ᠲᠤᠰ ᠵᠠᠭᠤᠨ ᠤ᠋ ᠰᠡᠭᠦᠯᠴᠢ ᠭᠡᠬᠦ ᠳ᠋ᠦ᠍ ᠭᠠᠯᠲᠤ ᠠᠭᠤᠯᠠ ᠰᠢᠭ᠋ ᠰᠥᠨᠥᠬᠦ ᠶᠦᠮ ᠭᠡᠨ᠎ᠡ᠃ ᠲᠡᠷᠡ ᠨᠢ ᠬᠣᠶᠠᠷ ᠭᠠᠷᠠᠭ ᠳᠣᠳᠣᠮ ᠳ᠋ᠤ᠌ ᠨᠢᠭᠡ ᠬᠡᠯᠡ ᠪᠠᠯᠠᠷᠠᠵᠤ ᠠᠯᠠᠭ᠎ᠠ ᠪᠣᠯᠵᠤ ᠪᠠᠢᠭ᠎ᠠ ᠶᠤᠮ ᠪᠠᠢᠨ᠎ᠠ᠃ ᠠᠮᠧᠷᠢᠺᠠ ᠶ᠋ᠢᠨ ᠨᠢᠭᠡᠨ ᠬᠡᠯᠡ ᠰᠢᠨᠵᠢᠯᠡᠯ ᠦ᠋ᠨ ᠰᠦᠯᠭᠨ ᠦ᠌ ᠭᠠᠵᠠᠷ ᠠ᠋ᠴᠠ1999 ᠣᠨ ᠤ᠋ 2 ᠰᠠᠷ᠎ᠠ ᠶ᠋ᠢᠨ ᠨᠡᠢᠲᠡᠯᠡᠭᠰᠡᠨ ᠪᠠᠢᠴᠠᠭᠠᠯᠲᠠ ᠳ᠋ᠤ᠌᠄ ᠪᠦᠬᠦ ᠳᠡᠯᠡᠬᠡᠢ ᠶ᠋ᠢᠨ500 ᠣᠷᠴᠢᠮ ᠲᠥᠷᠥᠯ ᠦ᠋ᠨ ᠬᠡᠯᠡᠨ ᠦ᠌ ᠬᠡᠷᠡᠭᠯᠡᠭᠴᠢ100 ᠬᠥᠮᠦᠨ ᠬᠦᠷᠬᠦ ᠲᠡᠢ ᠦᠭᠡᠢ ᠲᠡᠢ᠃1500 ᠲᠥᠷᠥᠯ ᠦ᠋ᠨ ᠬᠡᠯᠡᠨ ᠦ᠌ ᠬᠡᠷᠡᠭᠯᠡᠭᠴᠢ ᠮᠢᠩᠭᠠᠨ ᠬᠥᠮᠦᠨ ᠬᠦᠷᠬᠦ ᠲᠡᠢ ᠦᠭᠡᠢ ᠲᠡᠢ᠃ 3000 ᠲᠥᠷᠥᠯ ᠦ᠋ᠨ ᠬᠡᠯᠡᠨ ᠦ᠌ ᠬᠡᠷᠡᠭᠯᠡᠭᠴᠢ10000 ᠬᠥᠮᠦᠨ ᠬᠦᠷᠬᠦ ᠲᠡᠢ ᠦᠭᠡᠢ ᠲᠡᠢ᠃5000 ᠲᠥᠷᠥᠯ ᠦ᠋ᠨ ᠬᠡᠯᠡᠨ ᠦ᠌ ᠬᠡᠷᠡᠭᠯᠡᠭᠴᠢ ᠳᠥᠩᠭᠡᠵᠦ10 ᠲᠦᠮᠡᠨ ᠬᠦᠷᠴᠦ ᠪᠠᠢᠭ᠎ᠠ ᠶᠤᠮ ᠪᠠᠢᠨ᠎ᠠ᠃ ᠣᠳᠣᠬᠠᠨ ᠳ᠋ᠤ᠌ ᠮᠥᠬᠥᠯ ᠰᠥᠨᠥᠯ ᠦ᠋ᠨ ᠬᠢᠲᠤᠭᠠᠨ ᠤ᠋ ᠢᠷᠮᠡᠭ ᠲᠦ᠍ ᠬᠦᠷᠴᠦ ᠪᠣᠢ ᠬᠡᠯᠡᠨ ᠳ᠋ᠦ᠍ ᠰᠢᠪᠧᠷᠢᠶ᠎ᠡ ᠶ᠋ᠢᠨ ᠦᠳᠢᠨᠢ (udine) ᠬᠡᠯᠡ᠂ ᠠᠮᠠᠽᠣᠨᠠᠰ ᠣᠢ ᠲᠠᠢᠭ᠎ᠠ ᠶ᠋ᠢᠨ ᠠᠶ᠋ᠢᠺᠠᠫᠤ(AriKapu) ᠬᠡᠯᠡ ᠪᠣᠯᠤᠨ ᠠᠮᠧᠷᠢᠺᠠ ᠶ᠋ᠢᠨ ᠠᠯᠠᠰᠺᠠ ᠡᠸᠶᠠᠺ(Eyak) ᠬᠡᠯᠡ ᠲᠤᠰ ᠪᠦᠷᠢ100 ᠬᠥᠮᠦᠨ 6 ᠪᠣᠯᠤᠨ ᠨᠢᠭᠡ ᠯᠡ ᠬᠥᠮᠦᠨ ᠬᠡᠯᠡᠵᠦ ᠴᠢᠳᠠᠵᠤ ᠪᠠᠢᠭ᠎ᠠ ᠪᠣᠯᠤᠨ᠎ᠠ᠃
ᠬᠡᠳᠦᠢᠪᠡᠷ ᠬᠥᠮᠦᠨ ᠲᠥᠷᠥᠯᠬᠢᠲᠡᠨ ᠦ᠌ ᠨᠡᠢᠭᠡᠮ ᠦ᠋ᠨ ᠲᠡᠦᠬᠡ ᠭᠠᠷᠤᠭ᠎ᠠ ᠪᠠᠨ ᠠᠪᠤᠭᠰᠠᠨ ᠠ᠋ᠴᠠ ᠣᠳᠣ ᠪᠣᠯᠲᠠᠯ᠎ᠠ ᠨᠢᠭᠡᠨᠲᠡ ᠶᠡᠬᠡ ᠣᠯᠠᠨ ᠬᠡᠯᠡ ᠪᠣᠢ ᠪᠣᠯᠵᠤ ᠳᠠᠬᠢᠭᠠᠳ ᠪᠠᠰᠠ ᠠᠭᠤᠵᠢᠮ ᠢ᠋ᠶ᠋ᠠᠷ ᠤᠰᠠᠳᠤᠨ ᠪᠠᠯᠠᠷᠠᠵᠤ ᠣᠳᠤᠭᠰᠠᠨ ᠪᠣᠯᠪᠠᠴᠤ ᠬᠡᠯᠡᠨ ᠦ᠌ ᠰᠥᠨᠥᠯᠲᠡ ᠶ᠋ᠢᠨ ᠬᠤᠷᠳᠤᠴᠠ ᠨᠢ ᠥᠨᠥᠳᠥᠷ ᠦ᠋ᠨ ᠰᠢᠭ ᠡᠢᠮᠦ ᠥᠨᠳᠥᠷ ᠬᠡᠮᠵᠢᠶᠡᠨ ᠳ᠋ᠦ᠍ ᠬᠦᠷᠦᠭᠰᠡᠨ ᠨᠢ ᠦᠭᠡᠢ ᠶᠦᠮ ᠭᠡᠵᠦ ᠬᠡᠯᠡ ᠰᠣᠶᠣᠯ ᠳ᠋ᠤ᠌ ᠦᠯᠡᠮᠵᠢ ᠬᠠᠢᠷᠠᠲᠠᠢ ᠥᠷᠭᠡᠨ ᠬᠠᠷᠢᠭᠤᠴᠠᠯᠭ᠎ᠠ ᠲᠠᠢ ᠡᠷᠳᠡᠮᠲᠡᠨ ᠮᠡᠷᠭᠡᠳ ᠨᠠᠷ ᠳᠠᠭᠤ ᠬᠠᠯᠠᠭ ᠲᠠᠯᠪᠢᠬᠤ ᠳ᠋ᠤ᠌ ᠬᠦᠷᠪᠡ᠃ ᠨᠢᠭᠡ ᠲᠦᠮᠡᠨ ᠵᠢᠯ ᠦ᠋ᠨ ᠡᠮᠦᠨ᠎ᠡ ᠪᠦᠬᠦ ᠳᠡᠯᠡᠬᠡᠢ ᠶ᠋ᠢᠨ ᠰᠠᠶ᠎ᠠ ᠣᠷᠴᠢᠮ ᠬᠥᠮᠦᠨ15000 ᠲᠥᠷᠥᠯ ᠦ᠋ᠨ ᠬᠡᠯᠡ ᠲᠡᠢ ᠪᠠᠢᠪᠠ᠃ ᠣᠳᠣ ᠭᠡᠬᠦ ᠳ᠋ᠦ᠍ ᠬᠥᠮᠦᠨ ᠠᠮᠠ5000 ᠳᠠᠬᠢᠨ ᠨᠡᠮᠡᠭᠳᠡᠭᠰᠡᠨ ᠪᠠᠢᠲᠠᠯ᠎ᠠ ᠪᠠᠨ ᠬᠡᠯᠡ ᠨᠢ ᠬᠠᠷᠢᠨ ᠬᠠᠭᠠᠰ ᠢ᠋ᠶ᠋ᠠᠷ ᠬᠠᠰᠤᠭᠳᠠᠭᠰᠠᠨ ᠪᠠᠢᠨ᠎ᠠ᠃
     ᠠᠶ᠎ᠠ! ᠬᠣᠬᠣᠢ᠃ ᠴᠥᠭᠡᠨ ᠬᠡᠳᠦᠨ ᠮᠣᠩᠭᠣᠯ ᠮᠢᠨᠢ ᠶᠠᠭᠤ ᠪᠣᠳᠣᠵᠤ ᠰᠠᠭᠤᠨ᠎ᠠ ᠪᠣᠢ᠃ ᠥᠷᠥᠭᠡᠯ ᠦ᠋ᠨ ᠭᠦᠵᠡᠭᠡᠨ ᠳ᠋ᠦ᠍ ᠨᠠᠭᠠᠯᠳᠤᠭᠰᠠᠨ ᠥᠨᠥᠴᠢᠨ ᠬᠥᠬᠡ ᠳᠡᠯᠢᠭᠦᠦ ᠪᠣᠯᠤᠭᠰᠠᠨ ᠮᠣᠩᠭᠣᠯ᠃ ᠠᠬᠠᠨ ᠳᠡᠭᠦᠦᠰ ᠦ᠋ᠨ ᠰᠡᠳᠬᠢᠬᠦᠢ ᠶ᠋ᠢᠨ ᠰᠣᠪᠢᠩ ᠳ᠋ᠤ᠌ ᠰᠡᠷᠡᠮᠵᠢ ᠶ᠋ᠢᠨ ᠣᠴᠢᠭ ᠲᠠᠲᠠᠵᠤ᠂ ᠰᠡᠷᠢᠭᠦᠯᠭᠡ ᠶ᠋ᠢᠨ ᠬᠣᠩᠬᠣ ᠲᠠᠴᠢᠭᠢᠨᠠᠬᠤ ᠦᠭᠡᠢ ᠪᠠᠢᠨ᠎ᠠ ᠭᠡᠵᠢ ᠤᠤ! ᠳᠡᠭᠡᠷ᠎ᠡ ᠬᠡᠯᠡᠭᠰᠡᠨ ᠲᠤᠰ ᠵᠠᠭᠤᠨ ᠳ᠋ᠤ᠌《ᠬᠠᠭᠠᠰ ᠢ᠋ᠶ᠋ᠠᠷ ᠤᠰᠠᠳᠬᠤ》 ᠬᠤᠪᠢ ᠲᠠᠪᠢᠯᠠᠩ ᠤ᠋ᠨ ᠵᠢᠭᠰᠠᠭᠠᠯ ᠳ᠋ᠤ᠌ ᠮᠠᠨ ᠤ᠋ ᠮᠣᠩᠭᠣᠯ ᠬᠡᠯᠡ ᠮᠢᠨᠢ ᠪᠦᠷᠢᠳᠬᠡᠭᠳᠡᠵᠦ ᠶᠠᠪᠤᠭ᠎ᠠ ᠶᠤᠮ ᠪᠢᠰᠢ ᠪᠢᠵᠡ ᠭᠡᠵᠦ ᠪᠣᠳᠣᠬᠤ ᠠ᠋ᠴᠠ ᠶᠠᠰᠤ ᠬᠠᠪᠲᠠᠢᠬᠤ ᠶᠤᠮ᠃ ᠨᠢᠭᠡ ᠬᠡᠯᠡᠨ ᠦ᠌ ᠠᠮᠢᠳᠤᠷᠠᠨ ᠣᠷᠣᠰᠢᠵᠤ᠂ ᠦᠶ᠎ᠡ ᠶ᠋ᠢᠨ ᠦᠶ᠎ᠡ ᠳ᠋ᠦ᠍ ᠪᠡᠨ ᠤᠯᠠᠮᠵᠢᠯᠠᠭᠳᠠᠵᠤ ᠴᠢᠳᠠᠬᠤᠢᠴᠠ ᠲᠡᠷᠢᠭᠦᠨ ᠴᠢᠬᠤᠯᠠ ᠨᠥᠬᠥᠴᠡᠯ ᠨᠢ ᠬᠠᠮᠤᠭ ᠨᠠᠭᠠᠳᠤ ᠵᠠᠬ᠎ᠠ ᠳ᠋ᠤ᠌ ᠪᠠᠨ10 ᠲᠦᠮᠡᠨ ᠬᠥᠮᠦᠨ ᠲᠡᠷᠡ ᠬᠡᠯᠡ ᠶ᠋ᠢ ᠤᠰᠤ ᠴᠠᠰᠤ ᠰᠢᠭ᠋ ᠴᠢᠳᠠᠮᠠᠭᠠᠢ ᠬᠡᠷᠡᠭᠯᠡᠵᠦ ᠪᠠᠢᠬᠤ ᠪᠠᠷ ᠲᠣᠭᠲᠠᠭᠠᠭᠳᠠᠨ᠎ᠠ ᠭᠡᠵᠦ ᠬᠠᠮᠢᠭ᠎ᠠ ᠪᠦᠬᠦᠢ ᠡᠷᠳᠡᠮᠲᠡᠨ ᠡᠴᠡ ᠳ᠋ᠦᠩᠨᠡᠵᠡᠢ᠃ ᠡᠨᠡ ᠨᠢ ᠪᠢᠳᠡᠨ ᠦ᠌ ᠰᠠᠨᠠᠭ᠎ᠠ ᠶ᠋ᠢ ᠲᠦᠷ ᠴᠤ ᠭᠡᠰᠡᠨ ᠭᠦᠨ ᠠᠮᠢᠰᠬᠤᠭ᠎ᠠ ᠠᠪᠤᠭᠤᠯᠵᠤ ᠠᠭᠤᠵᠢᠷᠠᠭᠤᠯᠵᠤ ᠴᠢᠳᠠᠮᠠᠷ ᠪᠣᠯᠪᠠᠴᠤ ᠴᠥᠭᠡᠨ ᠪᠠᠭᠤᠷᠠᠢ ᠦᠨᠳᠦᠰᠦᠲᠡᠨ ᠪᠣᠯᠤᠭᠰᠠᠨ ᠤ᠋ ᠬᠤᠪᠢ ᠳ᠋ᠤ᠌᠂ ᠶᠠᠭᠤᠮ᠎ᠠ ᠪᠦᠬᠦᠨ ᠦ᠌ ᠠᠢᠵᠠᠮ ᠲᠦᠷᠭᠡᠳᠦᠭᠰᠡᠨ ᠡᠨᠡ ᠡᠷᠢᠨ ᠳ᠋ᠦ᠍ ᠨᠢᠭᠡ ᠯᠡ ᠲᠠᠢᠳᠬᠤᠷᠠᠵᠤ ᠪᠣᠯᠬᠤ ᠦᠭᠡᠢ ᠰᠢᠭ᠌ ᠰᠠᠨᠠᠭᠳᠠᠨ᠎ᠠ᠃ ᠡᠨᠡ ᠵᠠᠭᠤᠨ ᠪᠢᠰᠢ ᠭᠡᠬᠦ ᠳ᠋ᠦ᠍ ᠳᠠᠷᠠᠭᠠᠴᠢ ᠪᠠᠷ ᠢᠷᠡᠬᠦ ᠵᠠᠭᠤᠨ ᠳ᠋ᠤ᠌ ᠪᠠᠢᠪᠠᠯ ᠶᠠᠭᠠᠬᠢᠨ᠎ᠠ᠃ ᠪᠣᠳᠣᠬᠤ ᠦᠭᠡᠢ ᠰᠢᠨᠠᠯᠬᠤ ᠦᠭᠡᠢ ᠪᠠᠢᠵᠤ ᠦᠯᠦ ᠪᠣᠯᠤᠨᠠᠮ᠃
     ᠮᠠᠨ ᠤ᠋ ᠮᠣᠩᠭᠣᠯ ᠬᠡᠯᠡᠨ ᠦ᠌ ᠬᠡᠷᠡᠭᠯᠡᠭᠴᠢ ᠨᠡᠯᠢᠶᠡᠳ ᠣᠯᠠᠨ ᠪᠠᠢᠭ᠎ᠠ᠃ ᠶᠠᠭᠤᠨ ᠤ᠋ ᠬᠢᠨᠢ ᠭᠤᠲᠤᠷᠠᠵᠤ ᠭᠤᠨᠢᠭᠠᠳ ᠴᠢᠷᠠᠢ ᠠᠯᠳᠠᠭᠠᠳ ᠪᠠᠢᠭ᠎ᠠ ᠶᠤᠮ ᠭᠡᠵᠦ ᠬᠢᠯᠪᠠᠷᠬᠠᠨ ᠲᠠᠢᠪᠤᠰᠢᠷᠠᠵᠤ ᠴᠢᠳᠠᠳᠠᠭ ᠪᠤᠶᠤ ᠶᠡᠷᠦ ᠡᠴᠡ ᠶᠠᠭᠤᠮᠠᠨ ᠳ᠋ᠤ᠌ ᠳᠡᠩᠳᠡᠭᠦᠦ ᠠᠮᠤᠭᠤᠯᠠᠩ ᠲᠠᠢᠪᠤᠩ ᠬᠠᠨᠳᠤᠳᠠᠭ ᠵᠠᠷᠢᠮ ᠮᠣᠩᠭᠣᠯ ᠮᠠᠨᠢ ᠨᠠᠮ᠎ᠠ ᠶ᠋ᠢ ᠵᠢᠮᠡᠯᠡᠬᠦ ᠪᠣᠢ᠃ ᠬᠡᠯᠡᠵᠦ ᠢᠷᠡᠳᠡᠭ ᠦᠭᠡᠢ ᠬᠡᠢᠰᠴᠦ ᠢᠷᠡᠳᠡᠭ ᠬᠥᠮᠦᠨ ᠦ᠌ ᠲᠠᠪᠢᠯᠠᠩ ᠬᠣᠢᠨ᠎ᠠ ᠳᠠ᠃ ᠬᠡᠵᠢᠶ᠎ᠡ ᠴᠦ᠍ ᠤᠴᠢᠷ ᠪᠢᠲᠡᠭᠦᠯᠢᠭ ᠨᠢᠭᠤᠴᠠᠯᠢᠭ ᠬᠣᠷᠸ᠎ᠠ ᠳ᠋ᠤ᠌ ᠮᠠᠨᠳᠤᠯ ᠮᠥᠬᠥᠯ ᠬᠣᠶᠠᠷ ᠢᠬᠡᠷ᠎ᠡ ᠵᠠᠶᠠᠭ᠎ᠠ ᠲᠠᠢ ᠪᠠᠢᠳᠠᠭ ᠰᠠᠨ᠃ ᠲᠠᠨᠠᠷ ᠮᠠᠨᠵᠤ ᠦᠨᠳᠦᠰᠦᠲᠡᠨ ᠢ᠋ ᠮᠡᠳᠡᠨ᠎ᠡ ᠪᠢᠵᠡ᠃ ᠨᠢᠭᠡᠨ ᠦᠶ᠎ᠡ ᠬᠦᠴᠦᠷᠬᠡᠭᠵᠢᠨ ᠮᠠᠨᠳᠤᠵᠤ᠂ ᠪᠦᠬᠦᠢᠯᠡ ᠪᠦᠲᠦᠨ ᠬᠢᠲᠠᠳ ᠤ᠋ᠨ ᠪᠦᠰᠡ ᠨᠤᠲᠤᠭ ᠮᠣᠩᠭᠣᠯ ᠤ᠋ᠨ ᠥᠨᠳᠥᠷᠯᠢᠭ ᠢ᠋ ᠡᠷᠬᠡᠰᠢᠶᠡᠨ ᠵᠠᠬᠢᠷᠬᠤ ᠶ᠋ᠢ ᠪᠢᠲᠡᠭᠡᠢ ᠬᠡᠯᠡ᠂ ᠬᠣᠶᠠᠷ ᠵᠠᠭᠤ ᠭᠠᠷᠤᠢ ᠵᠢᠯ ᠮᠢᠩ ᠤᠯᠤᠰ ᠲᠤ ᠥᠴᠦᠬᠡᠨ ᠴᠦ᠍ ᠮᠥᠴᠡᠭᠡ ᠪᠡᠨ ᠥᠭᠭᠦᠭᠡ ᠦᠭᠡᠢ ᠮᠣᠩᠭᠣᠯᠴᠤᠳ ᠢ᠋ ᠮᠢᠨᠢ ᠡᠯᠳᠡᠪ ᠡᠷᠢᠶᠡᠨ ᠠᠷᠭ᠎ᠠ ᠮᠡᠬᠡ ᠪᠡᠷ ᠬᠠᠪᠴᠢᠨ ᠵᠠᠳᠠᠷᠠᠭᠤᠯᠵᠤ᠂ ᠡᠴᠦᠰ ᠲᠦ᠍ ᠪᠡᠨ ᠭᠠᠷ ᠲᠤ ᠪᠠᠨ ᠣᠷᠣᠭᠤᠯᠵᠤ ᠠᠪᠬᠤ ᠪᠠᠷ ᠵᠣᠭᠰᠣᠬᠤ ᠦᠭᠡᠢ ᠪᠦᠷ ᠥᠨᠳᠡᠢᠵᠦ ᠪᠣᠯᠬᠤ ᠦᠭᠡᠢ ᠪᠣᠯᠲᠠᠯ᠎ᠠ ᠨᠢ ᠳᠣᠷᠣᠢᠲᠠᠭᠤᠯᠵᠤ ᠴᠢᠳᠠᠭᠰᠠᠨ ᠮᠠᠨᠵᠤ ᠨᠤᠭᠤᠳ ᠣᠳᠣ ᠬᠠᠮᠢᠭ᠎ᠠ ᠪᠠᠢᠨ᠎ᠠ? ᠨᠡᠷ᠎ᠡ ᠨᠢ ᠪᠠᠢᠪᠠᠴᠤ ᠨᠢᠳᠡᠷ ᠨᠢ ᠠᠯᠠᠭ᠎ᠠ ᠪᠣᠯᠵᠠᠢ᠃ ᠦᠭᠡ ᠬᠡᠯᠡ᠂ ᠦᠰᠦᠭ ᠪᠢᠴᠢᠭ᠂ ᠤᠤᠭᠠᠯ ᠨᠤᠲᠤᠭ᠂ ᠤᠨᠠᠭᠠᠨ ᠵᠠᠩᠰᠢᠯ ᠢ᠋ᠶ᠋ᠠᠨ ᠤᠳᠤᠷᠢᠳᠤᠭᠰᠠᠨ ᠲᠥᠷᠥ ᠲᠡᠢ ᠪᠡᠨ ᠴᠣᠭ ᠭᠠᠯ ᠭᠣᠯᠣᠮᠲᠠ ᠪᠠᠷ ᠨᠢ ᠬᠥᠮᠥᠷᠢᠭᠰᠡᠨ ᠶᠦᠮ᠃《ᠮᠣᠭᠠᠢ ᠬᠣᠷᠣᠨ ᠳ᠋ᠤ᠌ ᠪᠠᠨ ᠰᠢᠷᠠᠯᠠᠨ᠎ᠠ᠂ ᠬᠣᠬᠢ ᠴᠢᠨᠢ》 ᠭᠡᠵᠦ ᠮᠠᠨᠵᠤ ᠶ᠋ᠢᠨ ᠮᠥᠬᠥᠯ ᠢ᠋ ᠳᠣᠭᠣᠭᠢᠯᠠᠵᠤ ᠲᠠᠪᠠᠯᠠᠬᠤ ᠶ᠋ᠢᠨ ᠬᠡᠷᠡᠭ ᠦᠭᠡᠢ᠃ ᠪᠢᠳᠡᠨ ᠴᠤ ᠬᠢᠴᠢᠶᠡᠬᠦ ᠦᠭᠡᠢ ᠪᠣᠯ ᠲᠡᠳᠡᠨ ᠦ᠌ ᠠᠷᠤ ᠠ᠋ᠴᠠ ᠮᠥᠷ ᠢ᠋ ᠨᠢ ᠮᠥᠰᠬᠢᠭᠡᠳ ᠭᠡᠶᠦᠷᠡᠵᠦ ᠪᠠᠢᠵᠤ ᠮᠡᠳᠡᠨ᠎ᠡ ᠰᠢᠦ ᠳᠡ᠃
      ᠲᠡᠦᠬᠡ ᠶ᠋ᠢ ᠴᠠᠭᠠᠰᠢᠯᠠᠭᠤᠯᠵᠤ ᠬᠡᠯᠡᠪᠡᠯ᠂ ᠪᠠᠷᠠᠭᠤᠨ ᠰᠢᠶᠠ ᠶ᠋ᠢᠨ ᠲᠠᠩᠭᠤᠳ ᠬᠡᠯᠡ᠂ ᠯᠢᠶᠣᠣ ᠤᠯᠤᠰ ᠤ᠋ᠨ ᠬᠢᠳᠠᠨ ᠬᠡᠯᠡ ᠤᠮᠠᠷᠠᠲᠤ ᠸᠧᠢ ᠶ᠋ᠢᠨ ᠬᠡᠯᠡ᠁ ᠭᠡᠬᠦ ᠮᠡᠲᠦ ᠶ᠋ᠢᠨ ᠪᠡᠶ᠎ᠡ ᠪᠡᠨ ᠳᠠᠭᠠᠭᠠᠭᠰᠠᠨ ᠬᠦᠴᠦᠷᠬᠡᠭ ᠤᠯᠤᠰ ᠤ᠋ᠳ ᠤ᠋ᠨ ᠦᠭᠡ ᠬᠡᠯᠡ ᠨᠢᠭᠡ ᠯᠡ ᠮᠡᠳᠡᠬᠦ ᠳ᠋ᠦ᠍ ᠨᠤᠷᠮᠠᠨ ᠳᠡᠭᠡᠷ᠎ᠡ ᠲᠤᠰᠤᠭᠠᠭᠰᠨ ᠳᠤᠰᠤᠯ ᠤᠰᠤ ᠠᠭᠱᠠᠨ᠎ᠠ ᠠᠭᠤᠷᠰᠢᠳᠠᠭ ᠤ᠋ᠨ ᠠᠳᠠᠯᠢ ᠲᠡᠦᠬᠡ ᠶ᠋ᠢᠨ ᠨᠢᠵᠢᠭᠢᠷ ᠬᠠᠭᠤᠳᠠᠰᠤᠨ ᠠ᠋ᠴᠠ ᠠᠷᠴᠢᠭᠳᠠᠵᠤ ᠠᠯᠠᠭ᠎ᠠ ᠪᠣᠯᠤᠭᠰᠠᠨ ᠭᠠᠰᠢᠭᠤᠨ ᠰᠤᠷᠭᠠᠮᠵᠢ ᠶ᠋ᠢ ᠬᠡᠨ ᠪᠦᠬᠦᠨ ᠮᠡᠳᠡᠨ᠎ᠡ ᠪᠢᠵᠡ᠃ ᠶᠠᠭᠤᠮ᠎ᠠ ᠶ᠋ᠢ ᠬᠡᠯᠡᠵᠦ ᠮᠡᠳᠡᠬᠦ ᠦᠭᠡᠢ ᠲᠡᠦᠬᠡ ᠵᠠᠷᠢᠮ ᠳ᠋ᠤ᠌ ᠪᠠᠨ ᠳᠠᠪᠲᠠᠭᠳᠠᠳᠠᠭ ᠤᠴᠢᠷ ᠪᠣᠢ᠃ ᠦᠨᠡᠨ ᠳ᠋ᠦ᠍ ᠪᠡᠨ ᠠᠪᠴᠤ ᠬᠡᠯᠡᠪᠡᠯ ᠬᠥᠮᠦᠨ ᠲᠥᠷᠥᠯᠬᠢᠲᠡᠨ ᠦ᠌ ᠰᠣᠶᠣᠯ ᠲᠡᠦᠬᠡᠨ ᠳ᠋ᠦ᠍ ᠲᠩᠷᠢᠯᠢᠭ ᠬᠠᠷᠢᠭᠤᠴᠠᠯᠭ᠎ᠠ ᠲᠠᠢ ᠠᠭᠤᠵᠢᠮ ᠪᠣᠳᠣᠯᠭ᠎ᠠ ᠲᠠᠢ᠂ ᠬᠥᠮᠦᠯᠢᠭ ᠤᠬᠠᠭᠠᠨ ᠲᠠᠢ ᠬᠥᠮᠦᠨ ᠯᠡ ᠶᠦᠮ ᠪᠣᠯ ᠠᠯᠢ ᠦᠨᠳᠦᠰᠦᠲᠡᠨ ᠭᠡᠰᠡᠨ ᠴᠦ᠍ ᠲᠡᠷᠡ ᠮᠠᠨ ᠤ᠋ ᠳᠠᠢᠰᠤᠨ ᠪᠠᠢᠭᠰᠠᠨ ᠴᠤ᠌ ᠬᠠᠮᠢᠶ᠎ᠠ ᠦᠭᠡᠢ ᠲᠡᠭᠦᠨ ᠢ᠋ ᠤᠰᠠᠳᠴᠤ ᠪᠠᠯᠠᠷᠠᠬᠤ ᠳ᠋ᠤ᠌ ᠪᠠᠶᠠᠷᠯᠠᠵᠤ ᠪᠠᠬᠠᠳᠤᠵᠤ᠂ ᠲᠠᠪᠠᠯᠠᠨ ᠲᠣᠬᠣᠭᠤᠷᠬᠠᠬᠤ ᠶᠣᠰᠣ ᠦᠭᠡᠢ ᠶᠦᠮ᠃ ᠶᠠᠮᠠᠷ ᠴᠤ᠌ ᠬᠡᠯᠡ ᠪᠣᠯᠤᠭ᠂ ᠣᠯᠠᠨ ᠪᠠᠢᠭᠰᠠᠨ ᠴᠤ᠌ ᠲᠡᠷᠡ᠂ ᠴᠥᠭᠡᠨ ᠪᠠᠢᠭᠰᠠᠨ ᠴᠤ᠌ ᠲᠡᠷᠡ᠂ ᠬᠦᠴᠦᠷᠬᠡᠭ ᠪᠠᠢᠭᠰᠠᠨ ᠴᠤ᠌ ᠲᠡᠷᠡ᠂ ᠪᠠᠭᠤᠷᠠᠢ ᠪᠠᠢᠭᠰᠠᠨ ᠴᠤ᠌ ᠲᠡᠷᠡ᠂ ᠮᠠᠨ ᠤ᠋ ᠠᠮᠢᠳᠤᠷᠠᠨ ᠣᠷᠣᠰᠢᠵᠤ ᠪᠦᠬᠦᠢ ᠴᠡᠩᠬᠡᠷᠬᠡᠨ ᠭᠠᠷᠠᠭ ᠤ᠋ᠨ ᠸᠴᠢᠷ ᠠᠯᠮᠠᠰ ᠰᠢᠭᠢᠳᠬᠡᠭᠡᠷᠢ ᠶ᠋ᠢᠨ ᠨᠢᠭᠡ ᠨᠢ ᠶᠦᠮ᠃ ᠲᠡᠭᠦᠨ ᠦ᠌ ᠠᠯᠢ ᠨᠢᠭᠡ ᠶ᠋ᠢ ᠠᠯᠳᠠᠵᠤ ᠣᠷᠬᠢᠪᠠᠯ ᠬᠡᠨ ᠬᠡᠵᠢᠶ᠎ᠡ ᠴᠦ᠍ ᠨᠥᠬᠥᠨ ᠰᠡᠷᠭᠦᠭᠡᠬᠦ ᠶ᠋ᠢᠨ ᠠᠷᠭ᠎ᠠ ᠦᠭᠡᠢ ᠠᠰᠤᠷᠤ ᠶᠡᠬᠡ ᠬᠣᠬᠢᠷᠠᠯ ᠪᠣᠯᠬᠤ ᠪᠢᠯᠡ᠃ ᠪᠢᠳᠡᠨᠦᠰ ᠠᠯᠲᠠᠨ ᠳᠡᠯᠡᠬᠡᠢ ᠶ᠋ᠢᠨ ᠥᠴᠦᠬᠡᠨ ᠨᠢᠭᠡ ᠴᠢᠭᠢᠭ ᠦ᠋ᠨ ᠬᠣᠷᠣᠬᠠᠢ᠂ ᠶᠠᠯᠢᠮ ᠦᠭᠡᠢ ᠵᠢᠯᠠᠭᠠᠨ ᠤ᠋ ᠤᠷᠭᠤᠮᠠᠯ ᠤᠭ ᠲᠠᠰᠤᠷᠠᠬᠤ ᠳ᠋ᠤ᠌ ᠬᠠᠷᠠᠮᠰᠠᠵᠤ ᠬᠠᠷᠠᠭᠤᠰᠬᠤ ᠳ᠋ᠤ᠌ ᠬᠦᠷᠳᠡᠭ ᠠᠲᠠᠯ᠎ᠠ ᠨᠢᠭᠡ ᠦᠨᠳᠦᠰᠦᠲᠡᠨ ᠤᠰᠠᠳᠴᠤ ᠦᠭᠡᠢ ᠪᠣᠯᠬᠤ ᠳ᠋ᠤ᠌ ᠭᠠᠰᠢᠭᠤᠳᠠᠬᠤ ᠦᠭᠡᠢ ᠪᠠᠢᠵᠤ ᠬᠡᠷᠬᠢᠨ ᠪᠣᠯᠤᠨ᠎ᠠ! ᠬᠡᠯᠡ ᠰᠣᠶᠣᠯ ᠬᠣᠶᠠᠷ ᠪᠣᠯ ᠨᠢᠭᠲᠠ ᠤᠶᠠᠯᠳᠤᠭ᠎ᠠ ᠲᠠᠢ ᠶᠤᠮ᠃ ᠨᠢᠭᠡ ᠬᠡᠯᠡᠨ ᠦ᠌ ᠪᠦᠷᠢᠯᠳᠦᠯ ᠨᠢ ᠪᠠᠷᠤᠭ500—1000 ᠵᠢᠯ ᠦ᠋ᠨ ᠬᠤᠭᠤᠴᠠᠭ᠎ᠠ ᠬᠡᠷᠡᠭᠰᠡᠨ᠎ᠡ᠃ ᠶᠠᠮᠠᠷ ᠪᠠᠢᠳᠠᠯ ᠳ᠋ᠤ᠌ ᠴᠤ᠌ ᠭᠡᠰᠡᠨ ᠨᠢᠭᠡ ᠬᠡᠯᠡᠨ ᠦ᠌ ᠪᠦᠷᠢᠯᠳᠦᠯ ᠨᠢ ᠨᠢᠭᠡ ᠰᠣᠶᠣᠯ ᠤ᠋ᠨ ᠪᠡᠶ᠎ᠡ ᠪᠡᠨ ᠳᠠᠭᠠᠭᠠᠵᠤ ᠬᠥᠭᠵᠢᠨ ᠪᠣᠯᠪᠠᠰᠤᠷᠠᠭᠰᠠᠨ ᠢ᠋ ᠲᠥᠯᠥᠭᠡᠯᠡᠵᠦ ᠪᠠᠢᠳᠠᠭ᠃ ᠬᠡᠯᠡ ᠪᠣᠯ ᠰᠣᠶᠣᠯ ᠤ᠋ᠨ ᠠᠴᠢᠶᠠᠯᠠᠭᠴᠢ ᠪᠢᠯᠡ᠃ ᠬᠡᠯᠡ ᠪᠡᠨ ᠠᠯᠳᠠᠪᠠᠯ ᠰᠣᠶᠣᠯ ᠢ᠋ᠶ᠋ᠠᠨ ᠠᠯᠳᠠᠯ᠎ᠠ ᠭᠡᠰᠡᠨ ᠦᠭᠡ᠃ ᠡᠢᠮᠦ ᠡᠴᠡ《ᠨᠢᠭᠡ ᠵᠦᠢᠯ ᠦ᠋ᠨ ᠦᠭᠡ ᠬᠡᠯᠡᠨ ᠦ᠌ ᠮᠥᠬᠥᠯ ᠨᠢ ᠮᠠᠨ ᠤ᠋ ᠬᠥᠮᠦᠨ ᠲᠥᠷᠥᠯᠬᠢᠲᠡᠨ ᠦ᠌ ᠲᠡᠦᠬᠡ ᠶ᠋ᠢᠨ ᠴᠢᠬᠤᠯᠠ ᠬᠡᠰᠡᠭ ᠢ᠋ᠶ᠋ᠡᠨ ᠠᠯᠳᠠᠵᠤ ᠪᠣᠢ ᠬᠡᠷᠡᠭ ᠶᠦᠮ᠃ ᠨᠢᠭᠡ ᠲᠥᠷᠥᠯ ᠦ᠋ᠨ ᠬᠡᠯᠡᠨ ᠦ᠌ ᠮᠥᠬᠥᠯ ᠨᠢ ᠮᠠᠨ ᠤ᠋ ᠰᠣᠶᠣᠯ ᠢᠷᠭᠡᠨᠰᠢᠯ ᠦ᠋ᠨ ᠲᠡᠦᠬᠡ ᠶ᠋ᠢᠨ ᠬᠠᠭᠤᠳᠠᠰᠤ ᠪᠠᠨ ᠠᠯᠳᠠᠵᠤ ᠣᠷᠬᠢᠭᠰᠠᠨ ᠶᠠᠪᠤᠳᠠᠯ ᠪᠣᠯᠬᠤ ᠶᠤᠮ᠃ ᠢᠯᠠᠩᠭᠤᠶ᠎ᠠ ᠲᠡᠳᠡᠭᠡᠷ ᠰᠤᠳᠤᠯᠤᠭᠳᠠᠭ᠎ᠠ ᠦᠭᠡᠢ ᠲᠡᠮᠳᠡᠭᠯᠡᠭᠳᠡᠭᠡ ᠦᠭᠡᠢ ᠦᠭᠡ ᠬᠡᠯᠡ ᠨᠦ᠍ᠭᠦᠳ》 ᠭᠡᠵᠦ ᠠᠮᠧᠷᠢᠺᠠ ᠶ᠋ᠢᠨ ᠨᠢᠭᠡᠨ ᠡᠷᠳᠡᠮᠲᠡᠨ ᠦ᠌ ᠴᠣᠬᠣᠨ ᠳᠤᠷᠠᠳᠤᠭᠰᠠᠨ ᠨᠢ ᠤᠴᠢᠷᠲᠠᠢ ᠪᠣᠢ ᠵ᠎ᠠ!
      ᠦᠭᠡ ᠬᠡᠯᠡ ᠪᠣᠯ ᠨᠢᠭᠡ ᠦᠨᠳᠦᠰᠦᠲᠡᠨ ᠦ᠌ ᠠᠮᠢᠳᠤ ᠮᠡᠨᠳᠦ ᠪᠠᠢᠭ᠎ᠠ ᠶ᠋ᠢᠨ ᠲᠣᠳᠣᠷᠬᠠᠢ ᠲᠤᠭ ᠲᠡᠮᠳᠡᠭ ᠪᠣᠯᠬᠤ ᠪᠥᠭᠡᠳ ᠰᠣᠶᠣᠯ ᠢᠷᠭᠡᠨᠰᠢᠯ ᠦ᠋ᠨ ᠲᠡᠦᠬᠡᠨ ᠲᠤᠨᠤᠳᠠᠰᠤ ᠶᠤᠮ᠃
      ᠬᠡᠯᠡ ᠤᠰᠠᠳᠪᠠᠯ ᠲᠡᠷᠡ ᠬᠡᠯᠡ ᠪᠡᠷ ᠳᠠᠮᠵᠢᠨ ᠦᠶ᠎ᠡ ᠶ᠋ᠢᠨ ᠦᠶ᠎ᠡ ᠳ᠋ᠦ᠍᠂ ᠤᠷᠤᠭ ᠤ᠋ᠨ ᠤᠷᠤᠭ  ᠲᠤ᠌ ᠤᠯᠠᠮᠵᠢᠯᠠᠭᠳᠠᠵᠤ ᠢᠷᠡᠭᠰᠡᠨ ᠰᠣᠶᠣᠯ ᠲᠡᠦᠬᠡ᠂ ᠣᠶᠤᠨ ᠤ᠋ ᠬᠥᠷᠥᠩᠭᠡ ᠴᠦ᠍ ᠲᠡᠭᠦᠨ ᠲᠡᠢ ᠴᠣᠭ ᠡᠴᠦᠰᠯᠡᠳᠡᠭ᠃
      ᠠᠮᠢᠳᠤ ᠪᠣᠳᠠᠰ ᠤ᠋ᠨ ᠣᠯᠠᠨ ᠶᠠᠩᠵᠤᠲᠤ ᠴᠢᠨᠠᠷ ᠪᠣᠯ ᠪᠠᠢᠭᠠᠯᠢ ᠶᠢᠷᠲᠢᠨᠴᠦ ᠶ᠋ᠢᠨ ᠮᠥᠩᠬᠡ ᠠᠮᠢᠯᠠᠯ ᠤ᠋ᠨ ᠳᠡᠪᠢᠰᠬᠡᠷ ᠪᠣᠯᠳᠠᠭ ᠲᠠᠢ ᠠᠳᠠᠯᠢ ᠦᠭᠡ ᠬᠡᠯᠡᠨ ᠦ᠌ ᠣᠯᠠᠨ ᠲᠠᠯᠠᠲᠤ ᠴᠢᠨᠠᠷ ᠨᠢ ᠬᠥᠮᠦᠨ ᠲᠥᠷᠥᠯᠬᠢᠲᠡᠨ ᠦ᠌ ᠣᠯᠠᠨ ᠲᠠᠯᠠᠲᠤ ᠴᠢᠨᠠᠷ᠂ ᠦᠨᠳᠦᠰᠦᠲᠡᠨ ᠦ᠌ ᠣᠯᠠᠨ ᠲᠠᠯᠠᠲᠤ ᠴᠢᠨᠠᠷ ᠪᠠ ᠰᠣᠶᠣᠯ ᠢᠷᠭᠡᠨᠰᠢᠯ ᠦ᠋ᠨ ᠣᠯᠠᠨ ᠲᠠᠯᠠᠲᠤ ᠴᠢᠨᠠᠷ ᠤ᠋ᠨ ᠰᠠᠭᠤᠷᠢ ᠴᠢᠯᠠᠭᠤ ᠶᠤᠮ᠃ ᠬᠥᠮᠦᠨ ᠲᠥᠷᠥᠯᠬᠢᠲᠡᠨ ᠦ᠌ ᠬᠥᠭᠵᠢᠯ ᠬᠤᠪᠢᠰᠤᠯ ᠤ᠋ᠨ ᠣᠮᠲᠣᠭᠠᠢᠯᠠᠵᠤ ᠪᠣᠯᠣᠰᠢ ᠦᠭᠡᠢ ᠭᠣᠭᠴᠣᠭ᠎ᠠ ᠪᠣᠯᠤᠨ᠎ᠠ ᠭᠡᠵᠦ ᠰᠢᠨᠵᠢᠯᠡᠬᠦ ᠤᠬᠠᠭᠠᠨᠲᠠᠨ ᠨᠠᠷ ᠦᠵᠡᠵᠦ ᠪᠠᠢᠨ᠎ᠠ᠃ ᠴᠡᠴᠡᠭ ᠤᠷᠭᠤᠮᠠᠯ ᠣᠯᠠᠨ ᠥᠩᠭᠡ ᠲᠡᠢ ᠪᠠᠢᠳᠠᠭ ᠢ᠋ᠶ᠋ᠠᠷ ᠢ᠋ᠶ᠋ᠠᠨ ᠡᠨᠡ ᠳᠡᠯᠡᠬᠡᠢ ᠭᠤᠸ᠎ᠠ ᠦᠵᠡᠰᠬᠦᠯᠡᠩ ᠪᠠᠶᠠᠨ ᠲᠠᠩᠰᠤᠭ ᠰᠠᠨᠠᠭᠳᠠᠳᠠᠭ ᠪᠢᠯᠡ᠃ ᠭᠡᠲᠡᠯ᠎ᠡ ᠵᠠᠷᠢᠮ ᠶᠡᠬᠡ ᠦᠨᠳᠦᠰᠦᠲᠡᠨ ᠦ᠌ ᠳᠡᠭᠡᠷᠡᠩᠭᠦᠢ ᠦᠵᠡᠯᠲᠡᠨ ᠪᠤᠶᠤ ᠬᠤᠪᠢᠨᠴᠢᠷ ᠦᠵᠡᠯᠲᠡᠨ᠂ ᠪᠤᠰᠤᠳ ᠪᠠᠭᠤᠷᠠᠢ ᠦᠨᠳᠦᠰᠦᠲᠡᠨ ᠦ᠌ ᠡᠬᠡ ᠰᠣᠶᠣᠯ ᠢ᠋ ᠳᠣᠣᠷᠠᠰᠢᠶᠠᠨ ᠠᠳᠠ ᠦᠵᠡᠵᠦ ᠤᠰᠠᠳᠬᠠᠵᠤ ᠬᠠᠶᠠᠬᠤ ᠶ᠋ᠢᠨ ᠤᠷᠢᠳᠠᠯ ᠪᠣᠯᠵᠤ ᠪᠠᠢᠨ᠎ᠠ᠃ ᠡᠨᠡ ᠪᠣᠯ ᠶᠠᠭᠤ ᠴᠤ᠌ ᠮᠡᠳᠡᠬᠦ ᠦᠭᠡᠢ ᠪᠠᠯᠠᠷᠯᠢᠭ ᠪᠦᠳᠦᠭᠦᠯᠢᠭ ᠢᠪᠴᠤᠤ ᠥᠴᠦᠬᠡᠨ ᠭᠡᠳᠡᠭ ᠢ᠋ᠶ᠋ᠡᠨ ᠭᠠᠢᠬᠠᠭᠤᠯᠵᠤ ᠪᠣᠢ ᠪᠥᠭᠡᠳ ᠰᠣᠶᠣᠯᠲᠤ ᠡᠷᠢᠨ ᠳ᠋ᠦ᠍ ᠠᠮᠢᠳᠤᠷᠠᠵᠤ ᠪᠦᠬᠦ ᠬᠥᠮᠦᠨ ᠳ᠋ᠦ᠍ ᠨᠠᠭᠠᠳᠤ ᠵᠠᠬ᠎ᠠ ᠳ᠋ᠤ᠌ ᠪᠠᠨ ᠪᠠᠢᠪᠠᠰᠤ ᠵᠣᠬᠢᠬᠤ ᠬᠥᠮᠦᠯᠢᠭ ᠰᠡᠳᠬᠢᠯ ᠦ᠋ᠨ ᠳᠤᠰᠤᠯ ᠴᠤ᠌ ᠨᠦᠮᠵᠦᠭ ᠦᠭᠡᠢ ᠭᠡᠳᠡᠭ ᠢ᠋ᠶ᠋ᠡᠨ ᠬᠠᠷᠠᠭᠤᠯᠤᠭᠰᠠᠨ ᠬᠡᠷᠡᠭ ᠶᠦᠮ᠃
      ᠬᠡᠯᠡ ᠪᠣᠯ ᠰᠡᠳᠬᠢᠬᠦᠢ ᠶ᠋ᠢᠨ 《ᠴᠣᠩᠬᠣ》 ᠶᠤᠮ᠃ ᠡᠨᠡ ᠯᠡ ᠴᠣᠩᠬᠣ ᠪᠠᠷ ᠬᠥᠮᠦᠰ ᠦ᠋ᠨ ᠰᠡᠳᠬᠢᠬᠦᠢ ᠶ᠋ᠢᠨ ᠯᠣᠭᠢᠭ᠂ ᠣᠶᠤᠨ ᠰᠡᠳᠬᠢᠯᠭᠡᠨ ᠦ᠌ ᠬᠡᠯᠪᠡᠷᠢ ᠪᠦᠲᠦᠴᠡ ᠶ᠋ᠢ ᠥᠩᠭᠡᠢᠨ ᠬᠠᠷᠠᠵᠤ ᠣᠢᠯᠠᠭᠠᠵᠤ ᠮᠡᠳᠡᠳᠡᠭ ᠰᠠᠨ᠃
ᠡᠢᠮᠦᠷᠬᠦᠦ ᠦᠭᠡ ᠬᠡᠯᠡᠨ ᠦ᠌ ᠠᠮᠢ ᠠᠬᠤᠢ ᠳ᠋ᠤ᠌《ᠤᠯᠠᠭᠠᠨ ᠭᠡᠷᠡᠯ》 ᠨᠣᠴᠣᠵᠤ᠂ ᠠᠶᠤᠮᠰᠢᠭᠲᠤ ᠵᠠᠷᠯᠠᠭᠰᠠᠨ ᠴᠠᠭ ᠬᠤᠭᠤᠴᠠᠭ᠎ᠠ ᠣᠷᠣᠨ ᠵᠠᠢ ᠳ᠋ᠤ᠌ ᠪᠢᠳᠡᠨ ᠪᠠᠭᠲᠠᠩᠬᠠᠨ ᠠᠮᠢᠳᠤᠷᠠᠵᠤ ᠪᠠᠢᠨ᠎ᠠ᠃ ᠮᠠᠨ ᠤ᠋ ᠮᠣᠩᠭᠣᠯ ᠬᠡᠯᠡᠨ ᠦ᠌ ᠠᠮᠢ ᠠᠬᠤᠢ ᠴᠤ᠌ ᠠᠮᠢᠳᠤᠷᠠᠨ ᠣᠷᠣᠰᠢᠵᠤ ᠪᠦᠬᠦᠢ ᠪᠠᠢᠭᠠᠯᠢ ᠣᠷᠴᠢᠨ ᠤ᠋ ᠠᠮᠢ ᠠᠬᠤᠢ ᠶ᠋ᠢᠨ ᠲᠡᠩᠴᠡᠭᠦᠷᠢ ᠠᠯᠳᠠᠯᠲᠠ ᠲᠠᠢ ᠪᠠᠨ ᠴᠣᠭ ᠨᠣᠴᠢᠲᠠᠢ ᠡᠪᠳᠡᠯᠡᠭᠡ ᠳ᠋ᠦ᠍ ᠤᠴᠠᠷᠠᠵᠤ ᠪᠠᠢᠭ᠎ᠠ ᠭᠡᠳᠡᠭ ᠲᠦ᠍ ᠣᠶᠤᠨ ᠭᠡᠢᠮᠡᠯ ᠤᠬᠠᠮᠰᠠᠷ ᠥᠨᠳᠥᠷ ᠬᠥᠮᠦᠨ ᠰᠡᠷᠡᠵᠦ ᠮᠡᠳᠡᠵᠦ ᠰᠡᠷᠲᠡᠬᠢᠨ ᠰᠣᠴᠢᠮᠠᠷ ᠪᠠᠢᠭ᠎ᠠ ᠶᠤᠮ᠃ ᠰᠡᠭᠦᠯ ᠦ᠋ᠨ ᠦᠶ᠎ᠡ ᠳ᠋ᠦ᠍ ᠮᠠᠨ ᠤ᠋ ᠮᠣᠩᠭᠣᠯ ᠬᠡᠯᠡ ᠰᠣᠶᠣᠯ ᠳ᠋ᠤ᠌ ᠪᠠᠨ ᠲᠩᠷᠢᠯᠢᠭ ᠬᠠᠷᠢᠭᠤᠴᠠᠯᠭ᠎ᠠ ᠲᠠᠢ ᠡᠷᠳᠡᠮᠲᠡᠨ ᠡᠴᠡ ᠠᠪᠤᠭᠠᠳ ᠡᠭᠡᠯ ᠪᠣᠷᠣᠭ ᠬᠥᠮᠦᠰ ᠬᠦᠷᠲᠡᠯ᠎ᠡ ᠮᠣᠩᠭᠣᠯᠴᠤᠳ ᠪᠢᠳᠡᠨ ᠦ᠌ ᠶᠠᠷᠢᠳᠠᠭ ᠪᠢᠴᠢᠳᠡᠭ ᠦᠭᠡᠰ ᠦ᠋ᠨ ᠲᠣᠭ᠎ᠠ ᠴᠥᠭᠡᠬᠡᠷᠡᠵᠦ ᠬᠡᠷᠡᠭᠯᠡᠭᠡᠨ ᠦ᠌ ᠦᠭᠡ ᠶ᠋ᠢᠨ ᠰᠠᠩ ᠲᠠᠷᠴᠢᠭ ᠪᠣᠯᠵᠤ ᠪᠠᠢᠭ᠎ᠠ ᠲᠤᠬᠠᠢ ᠮᠥᠨ ᠠᠮᠠᠨ ᠪᠣᠯᠤᠨ ᠪᠢᠴᠢᠭ ᠦ᠋ᠨ ᠬᠡᠯᠡᠨ ᠦ᠌ ᠶᠣᠰᠣ ᠭᠣᠷᠢᠮ ᠬᠡᠪ ᠬᠡᠮᠵᠢᠶ᠎ᠡ ᠡᠪᠳᠡᠷᠡᠵᠦ ᠪᠠᠢᠭ᠎ᠠ ᠲᠤᠬᠠᠢ ᠰᠡᠳᠬᠢᠯ ᠡᠮᠵᠡᠭᠯᠡᠨ ᠪᠢᠴᠢᠵᠦ ᠪᠣᠢ᠂ ᠮᠥᠨ ᠭᠠᠳᠠᠭᠠᠳᠤ ᠶ᠋ᠢᠨ ᠦᠭᠡ ᠶ᠋ᠢ ᠬᠠᠮᠢᠶ᠎ᠠ ᠨᠠᠮᠢᠶ᠎ᠠ ᠦᠭᠡᠢ ᠬᠡᠲᠦᠷᠬᠡᠢ ᠶᠡᠬᠡ ᠬᠡᠷᠡᠭᠯᠡᠵᠦ ᠪᠠᠢᠭ᠎ᠠ ᠠ᠋ᠴᠠ ᠡᠬᠡ ᠬᠡᠯᠡ ᠮᠢᠨᠢ ᠪᠣᠬᠢᠷᠲᠤᠵᠤ ᠴᠡᠪᠡᠷ ᠴᠡᠯᠮᠡᠭ ᠴᠢᠨᠠᠷ ᠢ᠋ᠶ᠋ᠠᠨ ᠠᠯᠳᠠᠬᠤ ᠳ᠋ᠤ᠌ ᠬᠦᠷᠴᠦ ᠪᠠᠢᠭ᠎ᠠ ᠶ᠋ᠢ ᠰᠡᠷᠡᠮᠵᠢᠯᠡᠵᠦ ᠪᠠᠢᠨ᠎ᠠ᠃ ᠢᠩᠭᠢᠵᠦ ᠮᠣᠩᠭᠣᠯ ᠦᠭᠡᠰ ᠦ᠋ᠨ ᠰᠠᠩ ᠶᠠᠳᠠᠭᠤᠷᠠᠪᠠᠯ᠂ ᠰᠡᠳᠬᠢᠯᠭᠡ ᠶᠠᠳᠠᠭᠤᠷᠠᠨ᠎ᠠ ᠭᠡᠵᠦ ᠥᠭᠦᠯᠡᠵᠦ ᠪᠠᠢᠨ᠎ᠠ᠃ ᠲᠡᠷᠡ ᠪᠠᠢᠲᠤᠭᠠᠢ ᠡᠬᠡ ᠬᠡᠯᠡᠨ ᠦ᠌ ᠪᠡᠨ ᠦᠭᠡ ᠶ᠋ᠢ ᠬᠠᠷᠢ ᠬᠡᠯᠡᠨ ᠦ᠌ ᠨᠠᠢᠷᠠᠭᠤᠯᠭ᠎ᠠ ᠪᠠᠷ ᠶᠠᠷᠢᠳᠠᠭ ᠪᠢᠴᠢᠳᠡᠭ ᠨᠢ ᠭᠡᠮ ᠪᠢᠰᠢ ᠵᠢᠮ᠎ᠡ ᠪᠣᠯᠬᠤ ᠳ᠋ᠤ᠌ ᠬᠦᠷᠴᠡᠢ᠃ ᠶᠡᠷᠦ ᠨᠢ ᠡᠬᠡ ᠬᠡᠯᠡ ᠪᠡᠨ ᠡᠷᠳᠡᠨᠢ ᠰᠢᠭ ᠢ᠋ᠶ᠋ᠡᠨ ᠨᠠᠨᠳᠢᠩᠨᠠᠳᠠᠭ ᠰᠡᠳᠬᠢᠯ ᠦ᠋ᠨ ᠥᠭᠭᠦᠭᠡᠴᠢ ᠳᠤᠲᠠᠵᠤ ᠢᠷᠠᠭᠤ ᠲᠠᠩᠰᠤᠭ ᠮᠣᠩᠭᠣᠯ ᠬᠡᠯᠡ ᠪᠡᠨ ᠦᠯᠦ ᠲᠣᠭᠣᠮᠰᠠᠷᠯᠠᠵᠤ ᠬᠢᠰᠬᠢᠴᠢᠨ ᠪᠠᠯᠠᠯᠤᠭᠰᠠᠳ ᠣᠯᠠᠰᠢᠷᠠᠬᠤ  ᠬᠠᠨᠳᠤᠯᠭ᠎ᠠ ᠲᠠᠢ ᠪᠣᠯᠵᠠᠢ᠃
      ᠮᠠᠨ ᠤ᠋ ᠨᠡᠯᠢᠶᠡᠳ ᠮᠣᠩᠭᠣᠯ ᠢᠯᠠᠩᠭᠤᠶ᠎ᠠ ᠥᠨᠳᠥᠷ ᠪᠣᠯᠪᠠᠰᠤᠷᠠᠯ ᠲᠠᠢ ᠰᠡᠬᠡᠭᠡᠲᠡᠨ ᠬᠣᠲᠠ ᠪᠠᠯᠭᠠᠰᠤ ᠪᠠᠷᠠᠳᠠᠭᠰᠠᠳ ᠥᠪᠡᠷ ᠦ᠋ᠨ ᠮᠣᠩᠭᠣᠯ ᠰᠣᠶᠣᠯ ᠳ᠋ᠤ᠌ ᠪᠠᠨ ᠭᠤᠲᠤᠷᠠᠩᠭᠤᠢ ᠦᠵᠡᠯᠲᠡ ᠡᠪᠦᠷᠯᠡᠵᠦ᠂ ᠠᠵᠢᠯ ᠣᠯᠬᠤ ᠡᠨᠡ ᠲᠡᠷᠡ ᠠᠬᠤᠢ ᠪᠠᠢᠳᠠᠯ ᠤ᠋ᠨ ᠬᠦᠴᠢᠷᠳᠡᠯᠭᠡ ᠶ᠋ᠢᠨ ᠡᠮᠦᠨ᠎ᠡ ᠡᠪᠦᠳᠦᠭ ᠰᠥᠬᠥᠷᠡᠨ ᠭᠠᠷ ᠰᠡᠷᠪᠡᠢᠨ ᠪᠠᠭᠤᠵᠤ ᠥᠭᠴᠢᠬᠡᠭᠡᠳ ᠬᠢᠯᠢ ᠮᠠᠨᠠᠬᠤ ᠬᠦᠦ ᠭᠠᠯ ᠮᠠᠨᠠᠬᠤ ᠥᠬᠢᠨ ᠢ᠋ᠶ᠋ᠡᠨ ᠬᠢᠲᠠᠳ ᠰᠤᠷᠭᠠᠭᠤᠯᠢ ᠳ᠋ᠤ᠌ ᠠᠯᠪᠠᠲᠠᠨ ᠬᠠᠨᠳᠤᠭᠤᠯᠤᠯ᠎ᠠ᠃ ᠪᠢ ᠪᠢᠷ ᠢ᠋ᠶ᠋ᠡᠨ 
《ᠬᠠᠷᠢ ᠶ᠋ᠢᠨ ᠰᠣᠶᠣᠯ ᠤᠷᠤᠭᠤ
ᠬᠠᠢᠷᠠᠲᠠᠢ ᠬᠡᠦᠬᠡᠳ ᠦ᠋ᠳ ᠢ᠋ᠶ᠋ᠡᠨ ᠠᠯᠳᠠᠯ᠎ᠠ
ᠬᠥᠯ ᠦᠭᠡᠢ ᠬᠥᠨᠳᠡᠯᠡᠨ ᠦ᠌ ᠳᠠᠯᠠᠢ ᠳ᠋ᠤ᠌
ᠬᠦᠰᠡᠯ ᠦ᠋ᠨ ᠢ᠋ᠶ᠋ᠡᠨ ᠨᠠᠷᠠ ᠶ᠋ᠢ ᠡᠮᠲᠡᠯᠵᠦ ᠠᠯᠳᠠᠯ᠎ᠠ᠃
(ᠨᠢᠭᠤᠴᠠ ᠲᠣᠪᠴᠢᠶᠠᠨ) ᠥᠭᠦᠯᠡᠪᠦᠷᠢ ᠭᠡᠮᠲᠦᠵᠦ
ᠨᠡᠭᠦᠳᠡᠯ ᠰᠣᠶᠣᠯ ᠤ᠋ᠨ ᠠᠴᠢᠶ᠎ᠠ ᠬᠠᠵᠠᠢᠯ᠎ᠠ
ᠴᠢᠩᠭᠢᠰ ᠪᠣᠭᠳᠠ ᠤᠤᠯᠭ᠎ᠠ ᠠᠯᠳᠠᠵᠤ
ᠴᠣᠢᠵᠢᠣ᠋ᠳᠽᠠᠷ ᠪᠢᠷ ᠢ᠋ᠶ᠋ᠡᠨ ᠬᠤᠢᠯᠠᠯ᠎ᠠ᠃
ᠰᠠᠭᠠᠬᠠᠯᠲᠠ ᠶ᠋ᠢᠨ ᠪᠤᠷᠬᠠᠨ ᠳ᠋ᠤ᠌ ᠲᠣᠯᠣᠭᠠᠢ ᠪᠠᠨ ᠲᠤᠰᠢᠶᠠᠵᠤ᠂
ᠰᠠᠳᠤᠨ ᠲᠥᠷᠥᠯ ᠡᠴᠡ ᠪᠡᠨ ᠲᠠᠰᠤᠷᠠᠵᠤ ᠶᠠᠪᠤᠭ᠎ᠠ
ᠦᠷ ᠦ᠋ᠨ ᠲᠤᠶᠠᠭ᠎ᠠ ᠰᠦᠯᠵᠢᠳᠡᠭ ᠰᠣᠶᠣᠯ ᠤ᠋ᠨ ᠢ᠋ᠶ᠋ᠠᠨ
ᠡᠷᠦᠬᠡ ᠶ᠋ᠢ ᠪᠦᠲᠡᠭᠡᠬᠦ ᠳ᠋ᠦ᠍ ᠳᠥᠭᠥᠵᠦ ᠶᠠᠪᠤᠭ᠎ᠠ
ᠠᠯᠳᠠᠭᠤᠯ ᠬᠡᠦᠬᠡᠳ ᠦ᠋ᠳ ᠮᠢᠨᠢ
ᠠᠯᠳᠠᠭᠳᠠᠭᠰᠠᠨ ᠢᠷᠡᠭᠡᠳᠦᠢ ᠮᠢᠨᠢ᠁) ᠭᠡᠵᠦ《ᠠᠯᠳᠠᠭᠤᠯ ᠬᠡᠦᠬᠡᠳ》 ᠭᠡᠰᠡᠨ ᠰᠢᠯᠦᠭ ᠪᠢᠴᠢᠭᠰᠡᠨ ᠶᠦᠮ᠃ ᠡᠬᠡ ᠬᠡᠯᠡ ᠡᠴᠡ ᠪᠡᠨ ᠨᠢᠭᠡᠮᠦᠰᠦᠨ ᠲᠠᠰᠤᠷᠠᠵᠤ ᠣᠳᠤᠭᠰᠠᠨ ᠬᠥᠮᠦᠰ ᠡᠷᠭᠢᠵᠦ ᠦᠨᠳᠦᠰᠦᠲᠡᠨ ᠤᠭᠰᠠᠭᠠᠲᠠᠨ ᠳ᠋ᠤ᠌ ᠪᠠᠨ ᠢᠷᠡᠬᠦ ᠪᠣᠯᠤᠮᠵᠢ ᠪᠠᠷᠤᠭ ᠳᠣᠮᠣᠭ ᠰᠢᠤᠬᠠᠨ ᠶᠤᠮ᠃ ᠬᠡᠯᠡ ᠪᠡᠨ ᠠᠯᠳᠠᠭᠰᠠᠨ ᠬᠥᠮᠦᠨ ᠵᠡᠪᠰᠡᠭ ᠢ᠋ᠶ᠋ᠡᠨ ᠲᠤᠰᠢᠶᠠᠭᠰᠠᠨ ᠴᠡᠷᠢᠭ ᠮᠡᠲᠦ ᠪᠤᠰᠤᠳ ᠤ᠋ᠨ ᠣᠯᠵᠠᠯᠠᠭᠳᠠᠭᠰᠠᠳ ᠪᠣᠯᠵᠤ ᠯᠠ ᠲᠠᠭᠠᠷᠠᠨ᠎ᠠ᠃ ᠦᠭᠡ ᠬᠡᠯᠡ ᠪᠡᠨ ᠠᠯᠳᠠᠵᠤ ᠣᠷᠬᠢᠭᠰᠠᠨ ᠬᠥᠮᠦᠰ ᠪᠣᠯ ᠡᠷᠯᠢᠭ ᠨᠣᠮᠢᠨ ᠬᠠᠭᠠᠨ ᠤ᠋ ᠡᠭᠦᠳᠡ ᠶ᠋ᠢ ᠲᠣᠭᠰᠢᠭᠰᠠ ᠡᠮᠭᠡᠨᠢᠯᠲᠦ ᠬᠤᠪᠢ ᠲᠠᠪᠢᠯᠠᠩᠲᠠᠨ ᠭᠡᠵᠦ ᠬᠡᠯᠡᠬᠦ ᠳ᠋ᠦ᠍ ᠠᠬᠠᠳᠠᠬᠤ ᠦᠭᠡᠢ ᠪᠠᠢᠬ᠎ᠠ᠃ ᠢᠩᠭᠢᠭᠡᠳ ᠪᠣᠳᠣᠬᠤ ᠳ᠋ᠤ᠌ ᠹᠷᠠᠨᠼᠢ ᠶ᠋ᠢᠨ ᠶᠡᠬᠡ ᠵᠣᠬᠢᠶᠠᠭᠴᠢ ᠠ · ᠳ᠋ᠠᠳᠲ᠋ᠠᠷ ᠄《ᠲᠥᠷᠥ ᠤᠯᠤᠰ ᠨᠢ ᠮᠥᠬᠥᠭᠡᠳ ᠪᠤᠰᠤᠳ  ᠲᠤ᠌ ᠪᠣᠭᠣᠯᠴᠢᠯᠠᠭᠳᠠᠭᠰᠠᠨ ᠠᠷᠠᠳ ᠲᠦᠮᠡᠨ ᠬᠡᠷᠪᠡ ᠲᠥᠷᠥᠯᠬᠢ ᠬᠡᠯᠡ ᠪᠡᠨ ᠮᠠᠷᠲᠠᠭ᠎ᠠ ᠦᠭᠡᠢ ᠪᠠᠲᠤ ᠴᠡᠭᠡᠵᠢᠯᠡᠵᠦ ᠪᠠᠢᠭ᠎ᠠ ᠴᠠᠭ ᠲᠤ᠌ ᠱᠣᠷᠣᠩ ᠤ᠋ᠨ ᠡᠭᠦᠳᠡᠨ ᠦ᠌ ᠲᠦᠯᠬᠢᠭᠦᠷ ᠢ᠋ ᠠᠳᠬᠤᠵᠤ ᠪᠠᠢᠭ᠎ᠠ ᠲᠠᠢ ᠠᠳᠠᠯᠢ ᠶᠤᠮ ᠰᠢᠦ》 ᠭᠡᠵᠦ ᠶᠠᠭᠠᠬᠢᠵᠤ ᠣᠨᠣᠭᠠᠵᠤ ᠬᠡᠯᠡᠪᠡ ᠠ᠋᠃
      ᠣᠯᠠᠨ ᠤ᠋ ᠮᠡᠳᠡᠭᠡᠵᠢ ᠪᠡᠷ᠂ ᠠᠩᠭ᠌ᠯᠢ ᠬᠡᠯᠡ ᠳᠡᠯᠡᠬᠡᠢ ᠶ᠋ᠢᠨ ᠬᠠᠭᠠᠨ ᠬᠡᠯᠡ᠂ ᠬᠢᠲᠠᠳ ᠬᠡᠯᠡ ᠤᠯᠤᠰ ᠤ᠋ᠨ ᠳᠣᠲᠣᠭᠠᠳᠤ ᠶ᠋ᠢᠨ ᠨᠣᠶᠠᠨ ᠬᠡᠯᠡ᠃ ᠨᠣᠶᠠᠯᠠᠬᠤ ᠪᠠᠢᠷᠢᠨ ᠳ᠋ᠤ᠌ ᠪᠠᠢᠭ᠎ᠠ ᠬᠡᠯᠡ ᠰᠣᠶᠣᠯ ᠣᠳᠣᠬᠢ ᠬᠡᠯᠡ ᠰᠣᠶᠣᠯ ᠳᠣᠯᠳᠣᠢᠳᠤᠨ ᠬᠠᠢᠯᠤᠭᠳᠠᠬᠤ ᠭᠡᠳ ᠪᠠᠢᠳᠠᠭ ᠨᠢ ᠡᠷᠲᠡ ᠡᠴᠡ ᠢᠨᠠᠭᠰᠢ ᠶᠢᠷᠲᠢᠨᠴᠦ ᠶ᠋ᠢᠨ ᠨᠢᠭᠡᠨ ᠶᠣᠰᠣ ᠭᠣᠷᠢᠮ ᠭᠡᠯᠲᠡᠢ᠃ ᠬᠡᠨ ᠬᠦᠴᠦᠷᠬᠡᠭ ᠪᠣᠯ ᠬᠡᠯᠡ ᠨᠢ ᠪᠠᠰᠠ ᠬᠦᠴᠦᠷᠬᠡ ᠪᠠᠢᠳᠠᠭ ᠰᠠᠨᠵᠠᠢ᠃ ᠭᠡᠬᠦ ᠳ᠋ᠦ᠍ ᠪᠡᠨ ᠪᠢᠳᠡ ᠬᠦᠴᠦᠲᠦ ᠰᠣᠶᠣᠯ ᠤ᠋ᠨ ᠡᠮᠦᠨ᠎ᠡ ᠪᠠᠢᠯᠳᠤᠬᠤ ᠴᠤ᠌ ᠦᠭᠡᠢ ᠲᠡᠩᠰᠡᠬᠦ ᠴᠤ᠌ ᠦᠭᠡᠢ ᠴᠢᠨᠣ᠎ᠠ ᠶ᠋ᠢᠨ ᠡᠮᠦᠨ᠎ᠡ ᠨᠢᠳᠦ ᠪᠡᠨ ᠠᠨᠢᠨ ᠣᠷᠢᠯᠠᠵᠤ ᠪᠠᠢᠭᠠᠳ ᠬᠣᠭᠣᠯᠠᠢ ᠪᠠᠨ ᠲᠠᠰᠤ ᠬᠡᠮᠬᠢᠭᠦᠯᠳᠡᠭ ᠰᠠᠭᠠᠷᠠᠯ ᠡᠯᠵᠢᠭᠡ ᠰᠢᠭ ᠨᠣᠮᠣᠬᠠᠨ ᠳᠥᠯᠭᠡᠨ ᠬᠡᠯᠡ ᠰᠣᠶᠣᠯ ᠢ᠋ᠶ᠋ᠠᠨ ᠲᠠᠶᠠᠭᠳᠠᠨ ᠪᠠᠭᠤᠵᠤ ᠥᠭᠬᠦ ᠨᠢ ᠥᠭᠡᠨᠴᠡ ᠳᠣᠷᠣᠢ ᠠᠷᠴᠠᠭ᠎ᠠ ᠦᠭᠡᠢ ᠶ᠋ᠢᠨ ᠲᠤᠢᠯ ᠳ᠋ᠤ᠌ ᠬᠦᠷᠦᠭᠰᠡᠨ ᠬᠡᠷᠡᠭ ᠪᠣᠯᠬᠤ ᠶᠤᠮ᠃ ᠠᠷᠪᠠᠨ ᠭᠤᠷᠪᠠ᠂ ᠳᠥᠷᠪᠡᠳᠦᠭᠡᠷ ᠵᠠᠭᠤᠨ ᠤ᠋ ᠲᠡᠦᠬᠡ ᠶ᠋ᠢᠨ ᠡᠭᠦᠯᠡᠨ ᠴᠢᠯᠥᠭᠡᠨ ᠳ᠋ᠦ᠍ ᠮᠠᠨ ᠤ᠋ ᠮᠣᠩᠭᠣᠯ ᠬᠡᠯᠡ ᠳᠡᠯᠡᠬᠡᠢ ᠶ᠋ᠢᠨ ᠠᠯᠪᠠᠨ ᠶᠣᠰᠣᠨ ᠤ᠋ ᠬᠡᠯᠡ ᠪᠠᠢᠵᠤ ᠥᠩᠭᠡᠷᠡᠭᠰᠡᠨ᠃ ᠲᠡᠭᠡᠬᠦ ᠳ᠋ᠦ᠍ ᠠᠩᠭ᠌ᠯᠢ ᠬᠡᠯᠡ ᠢᠩᠯᠠᠨᠳ᠋ ᠠᠷᠠᠯ ᠤ᠋ᠨ ᠢ᠋ᠶ᠋ᠠᠨ ᠬᠢᠵᠠᠭᠠᠷ ᠠ᠋ᠴᠠ ᠳᠠᠪᠠᠭ᠎ᠠ ᠦᠭᠡᠢ ᠪᠠᠢᠭᠰᠠᠨ ᠶᠤᠮ᠃ ᠰᠡᠭᠦᠯᠡᠷ ᠬᠠᠷᠢᠨ ᠠᠩᠭ᠌ᠯᠢ ᠶ᠋ᠢᠨ ᠠᠵᠤ ᠦᠢᠯᠡᠳᠪᠦᠷᠢ ᠶ᠋ᠢᠨ ᠬᠤᠪᠢᠰᠤᠯ ᠤ᠋ᠨ ᠲᠠᠯᠠᠯᠲᠠ᠂ ᠺᠣᠯᠣᠨᠢ ᠶ᠋ᠢᠨ ᠭᠠᠵᠠᠷ ᠨᠤᠲᠤᠭ ᠤ᠋ᠨ᠂ ᠥᠷᠭᠡᠵᠢᠯ ᠢ᠋ ᠳᠠᠭᠠᠯᠳᠤᠨ ᠠᠩᠭ᠌ᠯᠢ ᠬᠡᠯᠡ ᠳᠡᠯᠡᠬᠡᠢ ᠶ᠋ᠢᠨ ᠬᠠᠭᠠᠨ ᠬᠡᠯᠡ ᠪᠣᠯᠬᠤ ᠪᠠᠨ ᠲᠤᠩᠬᠠᠭᠯᠠᠭᠰᠠᠨ ᠶᠤᠮ᠃20 ᠵᠠᠭᠤᠨ ᠪᠣᠯᠬᠤ ᠳ᠋ᠤ᠌ ᠬᠦᠴᠦᠷᠬᠡᠭᠵᠢᠨ ᠮᠠᠨᠳᠤᠭᠰᠠᠨ ᠠᠮᠧᠷᠢᠺᠠ ᠭᠦᠷᠦᠨ ᠦ᠌ ᠡᠷᠢᠨ ᠬᠦᠷᠴᠦ ᠢᠷᠡᠭᠰᠡᠨ ᠪᠠ ᠨᠡᠩ ᠴᠤ᠌ ᠳᠠᠶᠠᠭᠠᠷᠰᠢᠯ ᠤ᠋ᠨ ᠦᠶ᠎ᠡ ᠡᠬᠢᠯᠡᠭᠰᠡᠨ ᠡᠴᠡ ᠠᠩᠭ᠌ᠯᠢ ᠬᠡᠯᠡᠨ ᠦ᠌ ᠬᠠᠭᠠᠨ ᠰᠠᠭᠤᠷᠢ ᠶ᠋ᠢ ᠤᠯᠠᠮ ᠪᠠᠲᠤᠳᠬᠠᠵᠤ ᠬᠠᠰᠢᠵᠤ ᠬᠣᠷᠢᠭᠯᠠᠬᠤ ᠶ᠋ᠢᠨ ᠠᠷᠭ᠎ᠠ ᠦᠭᠡᠢ ᠬᠡᠯᠡᠨ ᠦ᠌ ᠲᠦᠷᠢᠮᠡᠬᠡᠢ ᠲᠣᠭᠰᠢᠨ ᠦᠶᠡᠷ ᠪᠣᠯᠤᠨ ᠳᠠᠪᠠᠯᠭᠠᠯᠠᠵᠤ ᠪᠦᠬᠦ ᠳᠡᠯᠡᠬᠡᠢ ᠪᠡᠷ ᠢ᠋ᠶ᠋ᠡᠨ ᠠᠩᠭ᠌ᠯᠢ ᠬᠡᠯᠡᠨ ᠦ᠌ 《ᠬᠠᠯᠠᠭᠤᠨ ᠲᠣᠮᠣᠭᠣ》 ᠳ᠋ᠤ᠌ ᠨᠡᠷᠪᠡᠭᠳᠡᠵᠦ᠂ ᠠᠩᠭ᠌ᠯᠢ ᠬᠡᠯᠡ ᠪᠡᠷ ᠬᠠᠨᠢᠶᠠᠵᠤ ᠬᠠᠳᠠᠭᠠᠨᠠᠵᠤ ᠠᠩᠭ᠌ᠯᠢ ᠪᠠᠷ ᠤᠬᠢᠯᠠᠵᠤ ᠳᠠᠭᠤᠯᠠᠬᠤ ᠪᠣᠯᠤᠭᠰᠠᠨ ᠶᠤᠮ᠃ ᠬᠡᠷᠡᠭᠯᠡᠵᠦ ᠪᠠᠢᠭ᠎ᠠ ᠬᠥᠮᠦᠨ ᠢ᠋ᠶ᠋ᠡᠷ ᠨᠢ ᠪᠣᠳᠣᠪᠠᠯ ᠥᠨᠥ ᠶ᠋ᠢᠨ ᠪᠦᠬᠦ ᠪᠥᠮᠪᠥᠷᠴᠡᠭ ᠦ᠋ᠨ ᠬᠠᠭᠠᠰ ᠠ᠋ᠴᠠ ᠳᠡᠭᠡᠭᠰᠢᠬᠢ ᠬᠥᠮᠦᠨ ᠨᠢ ᠵᠥᠪᠬᠡᠨ15 ᠲᠥᠷᠥᠯ ᠦ᠋ᠨ ᠬᠡᠯᠡ ᠶ᠋ᠢ ᠯᠡ ᠬᠡᠷᠡᠭᠯᠡᠵᠦ ᠪᠠᠢᠭ᠎ᠠ ᠠᠵᠢ᠃ ᠡᠨᠡᠬᠦ ᠬᠠᠮᠤᠭ ᠤ᠋ᠨ ᠪᠠᠢᠩᠭᠤ ᠬᠠᠮᠤᠭ ᠤ᠋ᠨ ᠥᠷᠭᠡᠨ ᠬᠡᠪᠴᠢᠶ᠎ᠡ ᠲᠡᠢ ᠬᠡᠷᠡᠭᠯᠡᠭᠳᠡᠳᠡᠭ ᠠᠩᠭ᠌ᠯᠢ᠂ ᠢᠰᠫᠠᠨᠢ᠂ ᠠᠷᠠᠪ ᠬᠡᠯᠡ ᠨᠢ ᠪᠦᠷ ᠺᠣᠯᠣᠨᠢᠴᠢᠯᠠᠯ ᠤ᠋ᠨ ᠨᠣᠶᠠᠷᠬᠠᠯ ᠤ᠋ᠨ ᠥᠷᠭᠡᠳᠬᠡᠯ ᠢ᠋ᠶ᠋ᠡᠷ ᠭᠠᠵᠠᠷ ᠠᠪᠤᠭᠰᠠᠨ ᠶᠤᠮ᠃ ᠬᠢᠲᠠᠳ᠂ ᠡᠨᠡᠳᠬᠡᠭ ᠬᠡᠯᠡ ᠨᠢ ᠬᠠᠷᠢᠨ ᠲᠡᠷᠡ ᠬᠡᠯᠡ ᠶ᠋ᠢ ᠬᠡᠷᠡᠭᠯᠡᠵᠦ ᠪᠠᠢᠭ᠎ᠠ ᠬᠥᠮᠦᠨ ᠦ᠌ ᠬᠢᠨᠢ ᠬᠡᠳᠦ ᠥᠰᠦᠯᠲᠡ( ᠵᠢᠵᠢᠭ ᠲᠠᠷᠢᠶᠠᠯᠠᠩ ᠤ᠋ᠨ ᠠᠵᠤ ᠠᠬᠤᠢ ᠶ᠋ᠢᠨ ᠰᠡᠳᠦᠯᠲᠡ) ᠡᠴᠡ ᠪᠣᠯᠵᠤ 《ᠲᠣᠮᠣ ᠠᠮᠵᠢᠯᠲᠠ》 ᠳ᠋ᠤ᠌ ᠬᠦᠷᠦᠭᠰᠡᠨ ᠪᠠᠢᠳᠠᠭ᠃ ᠪᠦᠬᠦ ᠳᠡᠯᠡᠬᠡᠢ ᠶ᠋ᠢᠨ90% ᠤ᠋ ᠬᠥᠮᠦᠨ ᠨᠢ6000 ᠲᠥᠷᠥᠯ ᠦ᠋ᠨ ᠬᠡᠯᠡᠨ ᠡᠴᠡ ᠵᠠᠭᠤ ᠣᠷᠴᠢᠮ ᠬᠡᠯᠡ ᠶ᠋ᠢ ᠬᠡᠷᠡᠭᠯᠡᠵᠦ ᠪᠠᠢᠭ᠎ᠠ ᠭᠡᠵᠦ ᠬᠡᠯᠡ ᠰᠢᠨᠵᠢᠯᠡᠯ ᠦ᠋ᠨ ᠡᠷᠳᠡᠮᠲᠡᠨ ᠳ᠋ᠦᠩᠨᠡᠭᠰᠡᠨ ᠪᠠᠢᠨ᠎ᠠ᠃ ᠡᠭᠦᠨ ᠡᠴᠡ ᠦᠵᠡᠬᠦ ᠳ᠋ᠦ᠍ ᠣᠯᠠᠨ ᠲᠣᠭᠠᠨ ᠤ᠋ ᠬᠡᠯᠡ ᠵᠥᠪᠬᠡᠨ ᠯᠡ ᠴᠥᠭᠡᠨ ᠲᠣᠭᠠᠨ ᠤ᠋ ᠬᠥᠮᠦᠨ ᠯᠡ ᠬᠡᠷᠡᠭᠯᠡᠵᠦ ᠪᠠᠢᠭ᠎ᠠ《ᠬᠡᠯᠡᠨ ᠦ᠌ ᠠᠴᠢᠶ᠎ᠠ》 ᠲᠡᠩᠴᠡᠭᠦᠷᠢ ᠪᠡᠨ ᠠᠯᠳᠠᠭᠰᠠᠨ ᠪᠠᠢᠳᠠᠯ ᠲᠠᠢ ᠠᠵᠢ᠃ ᠡᠨᠡ ᠶᠠᠭ ᠳᠡᠯᠡᠬᠡᠢ ᠶ᠋ᠢᠨ ᠶᠡᠬᠡᠩᠬᠢ ᠡᠳ᠋ ᠪᠠᠶᠠᠯᠢᠭ ᠢ᠋ ᠴᠥᠭᠡᠬᠡᠨ ᠬᠡᠳᠦᠨ ᠬᠦᠴᠦᠷᠬᠡᠭ ᠤᠯᠤᠰ ᠤ᠋ᠳ ᠡᠵᠡᠮᠳᠡᠵᠦ ᠪᠠᠢᠭ᠎ᠠ ᠲᠠᠢ ᠠᠳᠠᠯᠢ ᠶᠤᠮᠰᠠᠨᠵᠠᠢ᠃
      2005 ᠣᠨ ᠤ᠋5 ᠰᠠᠷ᠎ᠠ ᠶ᠋ᠢᠨ 1 ᠦ᠌ ᠡᠳᠦᠷ ᠡᠴᠡ《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠮᠣᠩᠭᠣᠯ ᠦᠭᠡ ᠬᠡᠯᠡ ᠦᠰᠦᠭ ᠪᠢᠴᠢᠭ ᠦ᠋ᠨ ᠠᠵᠢᠯ ᠤ᠋ᠨ ᠳᠦᠷᠢᠮ》 ᠵᠢᠩᠬᠢᠨᠢ ᠲᠤᠤᠱᠯᠠᠭᠤᠯᠤᠨ ᠨᠠᠢᠳᠠᠪᠤᠷᠢᠵᠢᠭᠤᠯᠬᠤ ᠲᠤᠬᠠᠢ ᠮᠡᠳᠡᠭᠳᠡᠯ ᠨᠡᠢᠲᠡᠯᠡᠭᠳᠡᠵᠦ ᠮᠣᠩᠭᠣᠯ ᠠᠷᠠᠳ ᠲᠦᠮᠡᠨ ᠢ᠋ᠶ᠋ᠡᠨ ᠭᠢᠯᠠᠢᠯᠭᠠᠵᠤ ᠪᠢᠯᠡ᠃ ᠭᠡᠪᠡᠴᠦ ᠬᠡᠯᠡ ᠰᠣᠶᠣᠯ ᠤ᠋ᠨ ᠮᠥᠷᠭᠥᠯᠳᠦᠭᠡᠨ ᠤᠯᠠᠮ ᠢ᠋ᠶ᠋ᠠᠷ ᠰᠢᠷᠦᠭᠦᠰᠴᠦ ᠪᠠᠢᠭ᠎ᠠ ᠡᠷᠢᠨ ᠦᠶ᠎ᠡ ᠳ᠋ᠦ᠍ ᠴᠣᠬᠣᠮ ᠬᠦ᠌ ᠡᠨᠡ ᠳᠦᠷᠢᠮ ᠨᠠᠷᠢᠨ ᠬᠡᠷᠡᠭᠵᠢᠵᠦ ᠴᠢᠳᠠᠬᠤ ᠡᠰᠡᠬᠦ ᠳ᠋ᠦ᠍ ᠡᠷᠡᠭᠡᠯᠵᠡᠯ ᠲᠥᠷᠥᠬᠦ ᠦᠭᠡᠢ ᠪᠠᠢᠬᠤ ᠶ᠋ᠢᠨ ᠠᠷᠭ᠎ᠠ ᠦᠭᠡᠢ᠃ ᠬᠠᠤᠯᠢ ᠳᠦᠷᠢᠮ ᠪᠣᠳᠠᠲᠤ ᠪᠡᠶᠡᠯᠡᠯ ᠢ᠋ᠶ᠋ᠡᠨ ᠣᠯᠬᠤ ᠶ᠋ᠢᠨ ᠵᠠᠩᠭᠢᠯᠠᠭ᠎ᠠ ᠨᠢ ᠬᠠᠤᠯᠢ ᠳᠦᠷᠢᠮ ᠦ᠋ᠨ ᠲᠤᠰ ᠪᠡᠶ᠎ᠡ ᠳ᠋ᠦ᠍ ᠪᠠᠢᠳᠠᠭ ᠪᠢᠰᠢ ᠬᠠᠷᠢᠨ ᠲᠡᠭᠦᠨ ᠢ᠋ ᠬᠡᠷᠡᠭᠵᠢᠭᠦᠯᠵᠦ ᠪᠠᠢᠭ᠎ᠠ ᠡᠷᠬᠡᠲᠦ ᠪᠠᠢᠭᠤᠯᠤᠮᠵᠢ᠂ ᠲᠡᠭᠦᠨ ᠢ᠋ ᠬᠡᠷᠡᠭᠵᠢᠭᠦᠯᠵᠦ ᠪᠠᠢᠭ᠎ᠠ ᠬᠥᠮᠦᠨ ᠠᠷᠠᠳ ᠤ᠋ᠨ ᠬᠢᠨᠢ ᠲᠡᠭᠦᠰ ᠲᠡᠭᠦᠯᠳᠡᠷ ᠦᠢᠯᠡ ᠠᠵᠢᠯᠯᠠᠭ᠎ᠠ ᠪᠠᠷ ᠲᠣᠭᠲᠠᠭᠠᠭᠳᠠᠨ᠎ᠠ᠃ ᠮᠣᠩᠭᠣᠯ ᠰᠣᠶᠣᠯ ᠳ᠋ᠤ᠌ ᠪᠠᠨ ᠬᠤᠪᠢ ᠲᠠᠪᠢᠯᠠᠩ ᠢ᠋ᠶ᠋ᠠᠨ ᠬᠣᠯᠪᠣᠭᠰᠠᠨ ᠬᠡᠰᠡᠭ ᠡᠷᠳᠡᠮᠲᠡᠨ ᠮᠡᠷᠭᠡᠳ ᠰᠣᠶᠣᠯ ᠤ᠋ᠨ ᠭᠠᠪᠢᠶᠠᠲᠤ ᠵᠢᠳᠬᠦᠯᠲᠡᠨ ᠨᠠᠷ ᠤ᠋ᠨ ᠣᠯᠠᠨ ᠵᠢᠯ ᠦ᠋ᠨ ᠴᠥᠬᠥᠷᠡᠰᠢ ᠦᠭᠡᠢ ᠴᠢᠷᠮᠠᠢᠯᠭ᠎ᠠ ᠪᠠᠷ ᠣᠯᠵᠤ ᠢᠷᠡᠭᠰᠡᠨ ᠡᠨᠡ ᠬᠠᠤᠯᠢ ᠳᠦᠷᠢᠮ ᠦ᠋ᠨ ᠨᠠᠷᠢᠨ ᠵᠤᠷᠪᠤᠰ ᠢ᠋ ᠬᠡᠷᠬᠢᠨ ᠬᠣᠵᠢᠮ ᠤ᠋ᠨ ᠡᠳᠦᠷ ᠬᠣᠢᠲᠤᠨ ᠤ᠋ ᠮᠠᠷᠭᠠᠰᠢ ᠦᠢᠯᠡ ᠠᠵᠢᠯᠯᠠᠭᠠᠨ ᠳ᠋ᠤ᠌ ᠪᠠᠨ ᠦᠨᠡᠨ ᠬᠦ᠌ ᠪᠠᠲᠤᠯᠠᠭᠠᠵᠢᠭᠤᠯᠵᠤ ᠠᠪᠴᠤ ᠶᠠᠪᠤᠬᠤ ᠶ᠋ᠢ ᠴᠢᠩᠭᠢᠰ ᠦ᠋ᠨ ᠮᠣᠩᠭᠣᠯ ᠳ᠋ᠤ᠌ ᠨᠡᠷ᠎ᠡ ᠪᠡᠨ ᠪᠦᠷᠢᠳᠬᠡᠭᠦᠯᠦᠭᠰᠡᠨ ᠬᠥᠮᠦᠨ ᠪᠦᠬᠦᠨ ᠦ᠌ ᠦᠵᠡᠯ ᠪᠠᠷᠢᠮᠲᠠᠯᠠᠯ᠂ ᠦᠨᠡᠲᠦ ᠬᠠᠷᠢᠭᠤᠴᠠᠯᠭ᠎ᠠ ᠯᠠ ᠰᠢᠢᠳᠬᠦ ᠬᠡᠷᠡᠭ᠃ ᠬᠠᠤᠯᠢ ᠳᠦᠷᠢᠮ ᠪᠠᠢᠭᠠᠳ ᠦᠨᠡᠨ ᠬᠦ᠌ ᠬᠡᠷᠡᠭᠵᠢᠭᠦᠯᠬᠦ ᠦᠭᠡᠢ ᠶᠦᠮ ᠪᠣᠯ ᠴᠠᠭᠠᠨ ᠴᠠᠭᠠᠰᠤ ᠬᠠᠷ᠎ᠠ ᠦᠰᠦᠭ ᠲᠡᠳᠦᠢ ᠤᠳᠬ᠎ᠠ ᠦᠭᠡᠢ ᠵᠦᠢᠯ ᠪᠣᠯᠠᠢ᠃
      ᠦᠨᠳᠦᠰᠦᠲᠡᠨ ᠦ᠌ ᠬᠡᠯᠡ ᠰᠣᠶᠣᠯ ᠤ᠋ᠨ ᠪᠣᠳᠠᠰ ᠤ᠋ᠨ ᠰᠠᠭᠤᠷᠢ ᠪᠣᠯ ᠦᠨᠳᠦᠰᠦᠲᠡᠨ ᠦ᠌ ᠥᠪᠡᠷᠮᠢᠴᠡ ᠠᠵᠤ ᠠᠬᠤᠢ᠂ ᠭᠠᠵᠠᠷ ᠨᠤᠲᠤᠭ ᠶᠤᠮ᠃ ᠮᠠᠨ ᠤ᠋ ᠮᠣᠩᠭᠣᠯ ᠳ᠋ᠤ᠌ ᠠᠪᠴᠤ ᠬᠡᠯᠡᠪᠡᠯ ᠨᠡᠭᠦᠳᠡᠯ ᠮᠠᠯ ᠠᠵᠤ ᠠᠬᠤᠢ᠂ ᠮᠣᠩᠭᠣᠯ ᠤ᠋ᠨ ᠥᠨᠳᠥᠷᠯᠢᠭ ᠪᠠᠢᠯ᠎ᠠ᠃ ᠡᠷᠡᠰ ᠲᠠᠰᠤ ᠳᠥᠷᠪᠡᠨ ᠤᠯᠠᠷᠢᠯ ᠤ᠋ᠨ ᠠᠭᠤᠷ ᠠᠮᠢᠰᠬᠤᠯ᠂ ᠡᠩ ᠦᠭᠡᠢ ᠥᠷᠭᠡᠨ ᠠᠭᠤᠳᠠᠮ ᠮᠣᠩᠭᠣᠯ ᠤ᠋ᠨ ᠥᠨᠳᠥᠷᠯᠢᠭ ᠲᠦ᠍ ᠲᠠᠪᠤᠨ ᠬᠣᠰᠢᠭᠤ ᠮᠠᠯ ᠢ᠋ᠶ᠋ᠠᠨ ᠬᠠᠷᠢᠭᠤᠯᠵᠤ᠂ ᠳᠠᠨᠠᠨ ᠴᠠᠭᠠᠨ ᠭᠡᠷ ᠢ᠋ᠶ᠋ᠡᠨ ᠪᠣᠰᠬᠠᠵᠤ᠂ ᠳᠥᠷᠪᠡᠨ ᠮᠥᠩᠬᠡᠳᠡ ᠨᠡᠭᠦᠳᠡᠯ ᠰᠠᠭᠤᠳᠠᠯ ᠬᠢᠵᠦ ᠶᠠᠪᠤᠬᠤ ᠳ᠋ᠤ᠌ ᠪᠠᠨ ᠳᠡᠯᠡᠬᠡᠢ ᠳ᠋ᠦ᠍ ᠢᠵᠢᠯ ᠦᠭᠡᠢ ᠨᠢᠭᠡᠨ ᠨᠡᠭᠦᠳᠡᠯ ᠦ᠋ᠨ ᠰᠣᠶᠣᠯ ᠢᠷᠭᠡᠨᠰᠢᠯ ᠢ᠋ ᠡᠭᠦᠰᠬᠡᠨ ᠴᠣᠭᠴᠠᠯᠠᠵᠤ᠂ ᠪᠠᠶᠠᠨ ᠲᠠᠩᠰᠤᠭ᠂ ᠴᠡᠴᠡᠨ ᠴᠡᠯᠮᠡᠭ ᠦᠭᠡ ᠬᠡᠯᠡᠨ ᠦ᠌ ᠲᠣᠭᠲᠠᠯᠴᠠᠭ᠎ᠠ ᠪᠣᠯᠵᠤ ᠴᠢᠳᠠᠭᠰᠠᠨ ᠠᠵᠢ᠃ ᠲᠡᠢᠮᠦ ᠪᠣᠯᠬᠣᠷ ᠪᠠᠢᠭᠠᠯᠢ ᠳᠡᠯᠡᠬᠡᠢ᠂ ᠠᠮᠢᠲᠠᠨ ᠭᠥᠷᠥᠭᠡᠰᠦ᠂ ᠮᠠᠯ ᠠᠵᠤ ᠠᠬᠤᠢ ᠲᠠᠢ ᠬᠣᠯᠪᠣᠭᠳᠠᠭᠰᠠᠨ ᠳᠠᠯᠠᠢ ᠪᠠᠶᠠᠨ ᠦᠭᠡᠰ ᠦ᠋ᠨ ᠰᠠᠩ ᠢ᠋ ᠪᠦᠲᠦᠭᠡᠭᠰᠡᠨ ᠨᠢ ᠶᠢᠷᠲᠢᠨᠴᠦ ᠶ᠋ᠢᠨ ᠬᠣᠣᠰ ᠦᠭᠡᠢ ᠭᠠᠢᠬᠠᠮᠰᠢᠭ ᠭᠡᠬᠦ ᠡᠴᠡ ᠶᠠᠭᠠᠬᠢᠬᠤᠪ᠃ ᠭᠡᠪᠡᠴᠦ ᠣᠳᠣ ᠲᠠᠷᠢᠶᠠᠯᠠᠩ᠂ ᠠᠵᠤ ᠦᠢᠯᠡᠳᠪᠦᠷᠢ ᠡᠰᠡᠬᠦᠯ᠎ᠡ ᠳᠡᠭᠡᠳᠦ ᠵᠡᠷᠭᠡᠯᠡᠯ ᠦ᠋ᠨ ᠰᠢᠨ᠎ᠡ ᠮᠡᠳᠡᠭᠡᠯᠡᠯ ᠦ᠋ᠨ ᠦᠷ᠎ᠡ ᠨᠥᠯᠥᠭᠡ ᠲᠦᠷᠢᠨ ᠣᠷᠣᠵᠤ ᠢᠷᠡᠭᠰᠡᠨ ᠦ᠌ ᠳᠡᠭᠡᠷ᠎ᠡ ᠬᠥᠮᠦᠨ ᠪᠠᠢᠭᠠᠯᠢ ᠬᠣᠶᠠᠷ ᠤ᠋ᠨ ᠬᠣᠣᠰᠯᠠᠮᠠᠯ ᠭᠠᠢ ᠭᠠᠮᠰᠢᠭ ᠠ᠋ᠴᠠ ᠵᠢᠯ ᠳᠣᠳᠣᠮ ᠤᠨᠠᠭᠠᠨ ᠲᠥᠷᠬᠦ ᠪᠡᠨ ᠤᠭ ᠢ᠋ᠶ᠋ᠠᠷ ᠨᠢ ᠠᠯᠳᠠᠵᠤ ᠲᠠᠴᠢᠷᠳᠠᠨ ᠬᠤᠪᠠᠬᠠᠢᠷᠠᠵᠤ ᠪᠦᠬᠦᠢ ᠭᠠᠵᠠᠷ ᠨᠤᠲᠤᠭ ᠤ᠋ᠨ ᠢ᠋ᠶ᠋ᠠᠨ ᠡᠷᠬᠡ ᠪᠡᠷ ᠤᠨᠤᠶ᠎ᠠ ᠭᠡᠪᠡᠴᠦ ᠮᠣᠷᠢ ᠦᠭᠡᠢ ᠳᠤᠬᠤᠶ᠎ᠠ ᠭᠡᠪᠡᠴᠦ ᠡᠮᠡᠭᠡᠯ ᠦᠭᠡᠢ ᠪᠣᠯᠤᠭᠠᠳ ᠬᠡᠳᠦᠨ ᠵᠠᠭᠤᠨ ᠮᠢᠩᠭᠠᠨ ᠵᠢᠯ ᠦ᠋ᠨ ᠰᠢᠳᠦᠨ ᠪᠠᠷᠢᠯᠳᠤᠯᠭ᠎ᠠ ᠲᠠᠢ ᠮᠣᠩᠭᠣᠯᠴᠤᠳ ᠤ᠋ᠨ ᠶᠡᠬᠡᠩᠬᠢ ᠠᠮᠢᠳᠤᠷᠠᠯ ᠤ᠋ᠨ ᠦᠨᠳᠦᠰᠦᠨ ᠬᠡᠪ ᠵᠠᠭᠪᠤᠷ ᠪᠣᠯᠤᠭᠰᠠᠨ ᠨᠡᠭᠦᠳᠡᠯ ᠦ᠋ᠨ ᠠᠵᠤ ᠲᠥᠷᠥᠬᠦ ᠶᠣᠰᠣᠨ ᠠ᠋ᠴᠠ ᠪᠠᠨ ᠠᠯᠪᠠᠳᠠᠯᠭ᠎ᠠ ᠰᠢᠬᠠᠯᠲᠠ ᠶ᠋ᠢᠨ ᠳᠣᠣᠷ᠎ᠠ ᠭᠠᠰᠠᠯᠠᠩᠲᠠᠢᠶ᠎ᠠ ᠠᠶᠠᠷᠯᠠᠨ ᠰᠠᠯᠵᠤ᠂ ᠲᠠᠷᠢᠶᠠᠯᠠᠩ ᠪᠤᠶᠤ ᠪᠤᠰᠤᠳ ᠲᠤᠰᠠᠯᠠᠬᠤ ᠠᠵᠤ ᠠᠬᠤᠢ ᠳ᠋ᠤ᠌ ᠰᠢᠯᠵᠢᠭᠰᠡᠨ ᠪᠤᠶᠤ ᠰᠢᠯᠵᠢᠭᠰᠡᠭᠡᠷ ᠪᠠᠢᠨ᠎ᠠ᠃ ᠠᠵᠤ ᠠᠬᠤᠢ ᠶ᠋ᠢᠨ ᠭᠠᠷ ᠰᠣᠯᠢᠭᠳᠠᠯ ᠢ᠋ ᠳᠠᠭᠠᠯᠳᠤᠨ ᠮᠠᠰᠢ ᠠᠷᠪᠢᠨ ᠶᠠᠭᠤᠮ᠎ᠠ ᠬᠤᠪᠢᠷᠠᠵᠤ ᠰᠢᠯᠵᠢᠳᠡᠭ ᠪᠢᠯᠡ᠃ ᠡᠭᠦᠨ ᠦ᠌ ᠳᠣᠲᠣᠷᠠᠬᠢ ᠬᠡᠯᠡ ᠪᠣᠯ ᠨᠢᠭᠡᠨ ᠡᠮᠵᠡᠭ ᠵᠢᠱ᠌ᠢᠶ᠎ᠡ ᠮᠥᠨ᠃ ᠮᠠᠯ ᠠᠵᠤ ᠠᠬᠤᠢ ᠠ᠋ᠴᠠ ᠪᠠᠨ ᠠᠶᠠᠷᠯᠠᠨ ᠰᠠᠯᠤᠭᠰᠠᠨ ᠠ᠋ᠴᠠ ᠪᠣᠯᠵᠤ ᠲᠡᠭᠦᠨ ᠲᠡᠢ ᠬᠣᠯᠪᠣᠭᠳᠠᠭᠰᠠᠨ ᠡᠴᠢᠨᠡᠨ ᠲᠥᠴᠢᠨᠡᠨ ᠮᠣᠩᠭᠣᠯ ᠦᠭᠡᠰ ᠦ᠋ᠨ ᠰᠠᠩ ᠬᠡᠷᠡᠭᠯᠡᠬᠦ ᠵᠠᠷᠤᠬᠤ ᠭᠠᠵᠠᠷ ᠦᠭᠡᠢ ᠪᠣᠯᠬᠣᠷ ᠮᠠᠷᠲᠠᠭᠳᠠᠨ ᠠᠯᠠᠭ᠎ᠠ ᠪᠣᠯᠵᠤ ᠡᠬᠢᠯᠡᠯ᠎ᠡ᠃ ᠰᠢᠨ᠎ᠡ ᠪᠡᠷ ᠤᠨᠳᠤᠷᠤᠨ ᠪᠣᠢ ᠪᠣᠯᠵᠤ ᠪᠠᠢᠭ᠎ᠠ ᠡᠭᠦᠳᠦᠨ ᠨᠡᠭᠡᠭᠡᠯᠲᠡ᠂ ᠮᠡᠷᠭᠡᠵᠢᠯ ᠲᠧᠭᠨᠢᠭ᠂ᠮᠠᠰᠢᠨ ᠲᠣᠨᠣᠭ᠂ ᠲᠠᠸᠠᠷ ᠤ᠋ᠨ ᠦᠢᠯᠡᠳᠬᠦᠨ ᠦ᠌ ᠨᠡᠷ᠎ᠡ ᠲᠣᠮᠢᠶ᠎ᠠ ᠨᠤᠭᠤᠳ ᠢ᠋ ᠣᠷᠴᠢᠭᠤᠯᠵᠤ( ᠥᠪᠡᠷ ᠦ᠋ᠨ ᠪᠣᠯᠭᠠᠵᠤ) ᠠᠮᠵᠢᠬᠤ ᠦᠭᠡᠢ ᠬᠡᠯᠡᠨ ᠦ᠌ ᠵᠠᠬ᠎ᠠ ᠳ᠋ᠤ᠌《ᠤᠨᠠᠭᠠᠨ ᠵᠢᠰᠦ》 ᠢ᠋ᠶ᠋ᠠᠷ ᠢ᠋ᠶ᠋ᠠᠨ ᠲᠦᠷᠢᠨ ᠣᠷᠣᠵᠤ ᠢᠷᠡᠭᠰᠡᠨ᠂ ᠲᠡᠭᠦᠨ ᠢ᠋ ᠰᠡᠭᠦᠯᠡᠷ ᠨᠢ ᠬᠡᠴᠢᠨᠡᠭᠡᠨ ᠴᠢᠳᠠᠨ ᠶᠠᠳᠠᠨ ᠣᠷᠴᠢᠭᠤᠯᠳᠠᠭ ᠪᠣᠯᠪᠠᠴᠤ ᠨᠢᠭᠡ ᠯᠡ ᠬᠡᠷᠡᠭᠯᠡᠭᠡ ᠮᠠᠭᠤᠲᠠᠢ ᠶᠠᠪᠤᠴᠠ ᠪᠠᠷᠤᠭᠲᠠᠢ ᠪᠠᠢᠳᠠᠭ ᠨᠢ ᠬᠤᠳᠠᠯ ᠪᠢᠰᠢ᠃ ᠵᠢᠱ᠌ᠢᠶᠡᠯᠡᠪᠡᠯ ᠮᠣᠩᠭᠣᠯ ᠬᠡᠯᠡ ᠶ᠋ᠢ ᠬᠠᠮᠤᠭ ᠤ᠋ᠨ ᠲᠦᠭᠡᠮᠡᠯ ᠴᠡᠪᠡᠷ ᠬᠡᠯᠡᠳᠡᠭ ᠮᠠᠯᠵᠢᠬᠤ ᠣᠷᠣᠨ ᠳ᠋ᠤ᠌ ᠠᠪᠤᠭᠠᠳ ᠬᠡᠯᠡᠭᠰᠡᠨ ᠴᠦ᠍ ᠮᠣᠲ᠋ᠣᠷ ᠮᠠᠰᠢᠨ ᠤ᠋ ᠲᠣᠨᠣᠭ ᠰᠡᠯᠪᠢᠭ ᠦ᠋ᠨ ᠨᠡᠷᠡᠰᠢᠯ ᠢ᠋ ᠲᠡᠷᠡ ᠪᠣᠯᠭᠠᠨ ᠮᠣᠩᠭᠣᠯ ᠢ᠋ᠶ᠋ᠠᠷ ᠶᠠᠷᠢᠵᠤ ᠪᠠᠢᠭ᠎ᠠ ᠬᠥᠮᠦᠨ ᠢ᠋ ᠬᠠᠢᠭᠠᠳ ᠥᠭᠭᠦᠶ᠎ᠡ ᠬᠠᠯᠠᠭ ᠪᠣᠯᠵᠤ ᠪᠠᠢᠭ᠎ᠠ ᠰᠢᠦ ᠳᠡ᠃ ᠬᠣᠲᠠ ᠪᠠᠯᠭᠠᠰᠤ ᠪᠤᠶᠤ ᠲᠠᠷᠢᠶᠠᠯᠠᠬᠤ ᠣᠷᠣᠨ ᠭᠠᠵᠢ ᠳ᠋ᠣᠩ ᠱᠦᠭᠯᠡᠵᠦ᠂ ᠬᠡᠯᠡ ᠪᠡᠨ ᠵᠣᠷᠢᠭᠤᠳᠠ ᠬᠣᠯᠢᠮᠠᠭᠵᠢᠭᠤᠯᠵᠤ ᠰᠠᠭᠠᠷᠮᠠᠭᠵᠢᠭᠤᠯᠵᠤ ᠶᠠᠪᠤᠬᠤ ᠪᠠᠨ ᠴᠠᠭ ᠤ᠋ᠨ ᠤᠷᠤᠰᠬᠠᠯ ᠳ᠋ᠤ᠌ ᠨᠡᠢᠴᠡᠭᠰᠡᠨ《ᠮᠣᠣᠳ᠋ ᠬᠥᠮᠦᠰ》 ᠭᠡᠵᠦ ᠥᠪᠡᠷ ᠢ᠋ ᠪᠡᠨ ᠦᠵᠡᠬᠦ ᠪᠣᠯᠵᠠᠢ᠃ ᠡᠨᠡ ᠪᠣᠯ ᠶᠣᠰᠣᠲᠠᠢ ᠪᠤᠶᠠᠨ ᠳ᠋ᠤ᠌ ᠪᠠᠨ ᠪᠤᠵᠠᠷ ᠬᠢᠨ᠎ᠡ ᠭᠡᠭᠴᠢ ᠨᠢ ᠪᠣᠯᠵᠤ ᠳᠠ᠃《ᠮᠣᠩᠭᠣᠯ ᠢ᠋ᠶ᠋ᠠᠨ ᠠᠯᠳᠠᠮᠠᠷ!》 ᠭᠡᠵᠦ ᠬᠠᠷᠢᠶᠠᠯ ᠤ᠋ᠨ ᠦᠭᠡ ᠪᠠᠢᠳᠠᠭ ᠢ᠋ ᠮᠡᠳᠡᠨ᠎ᠡ ᠪᠢᠵᠡ᠃ ᠡᠨᠡ ᠬᠡᠯᠡ ᠪᠡᠨ ᠬᠡᠨ ᠵᠡᠷᠡᠮᠳᠡᠭᠯᠡᠨ ᠶᠠᠷᠢᠳᠠᠭ ᠪᠢᠴᠢᠳᠡᠭ ᠠᠪᠠᠰᠤ ᠮᠣᠩᠭᠣᠯ ᠢ᠋ᠶ᠋ᠠᠨ ᠠᠯᠳᠠᠵᠤ ᠪᠠᠢᠭ᠎ᠠ ᠨᠢ ᠲᠡᠷᠡ᠃ ᠲᠡᠢᠮᠦ ᠪᠣᠯᠬᠤ ᠠᠬᠤᠯ᠎ᠠ ᠡᠴᠢᠭᠡ ᠡᠬᠡ᠂ ᠡᠬᠡ ᠣᠷᠣᠨ ᠢ᠋ᠶ᠋ᠠᠨ ᠴᠤ ᠠᠯᠳᠠᠵᠤ ᠪᠣᠢ ᠬᠡᠷᠡᠭ᠃ ᠵᠠᠷᠢᠮ ᠨᠢᠭᠡᠨ ᠢ᠋ᠶ᠋ᠡᠷ ᠣᠷᠣᠰ ᠮᠡᠲᠦ ᠬᠠᠷᠢ ᠬᠡᠯᠡ ᠲᠡᠢ ᠬᠣᠯᠢᠵᠤ ᠬᠤᠳᠬᠤᠨ ᠶᠠᠷᠢᠵᠤ ᠪᠠᠢᠭ᠎ᠠ ᠶᠠᠪᠤᠳᠠᠯ ᠢ᠋ᠶ᠋ᠠᠷ ᠦᠯᠢᠭᠡᠷᠯᠡᠪᠡᠰᠦ ᠪᠤᠶᠠᠨᠲᠤ ᠮᠠᠯ ᠤ᠋ᠨ ᠴᠠᠭᠠᠨ ᠰᠦᠨ ᠳ᠋ᠦ᠍ ᠲᠡᠵᠢᠭᠡᠪᠦᠷᠢ ᠭᠠᠬᠠᠢ ᠶ᠋ᠢᠨ ᠰᠢᠪᠬᠠᠢ( ᠪᠠᠭᠠᠰᠤ) ᠶ᠋ᠢ ᠬᠣᠯᠢᠭᠠᠳ ᠤᠤᠭᠤᠭᠰᠠᠨ ᠠᠳᠠᠯᠢ ᠣᠢ ᠭᠤᠲᠤᠮ᠎ᠠ ᠶᠠᠪᠤᠳᠠᠯ ᠪᠣᠯᠤᠨ᠎ᠠ᠃ ᠮᠠᠨ ᠤ᠋ ᠬᠢᠨ ᠠᠶᠠᠯᠭᠤ ᠰᠠᠢᠬᠠᠨ ᠰᠣᠨᠣᠰᠬᠤᠯᠠᠩ ᠢᠷᠠᠭᠤ ᠡᠬᠡ ᠬᠡᠯᠡ ᠪᠡᠨ ᠠᠷᠠᠳ ᠤ᠋ᠨ ᠪᠠᠶᠠᠨ ᠲᠠᠩᠰᠤᠭ ᠶᠣᠰᠣ ᠵᠦᠢ ᠪᠡᠷ᠂ ᠪᠤᠰᠤᠳ ᠲᠤ ᠨᠡᠪᠲᠡᠷᠡᠭᠦᠯᠵᠦ ᠴᠠᠭᠠᠰᠤᠨ᠎ᠠ ᠪᠠᠭᠤᠯᠭᠠᠵᠤ ᠰᠤᠷᠬᠤ ᠳ᠋ᠤ᠌ ᠰᠠᠭᠠᠳ ᠪᠣᠯᠤᠨ ᠰᠠᠭᠠᠷᠮᠠᠭᠯᠠᠵᠤ ᠪᠣᠢ ᠨᠢᠭᠡ ᠵᠦᠢᠯ ᠪᠣᠯ ᠠᠯᠪᠠᠨ ᠤ᠋ ᠮᠣᠳᠣᠨ ᠬᠡᠯᠡ᠂ ᠶᠠᠳᠠᠭᠤ ᠨᠠᠢᠷᠠᠭᠤᠯᠭ᠎ᠠ ᠲᠠᠢ ᠲᠣᠭᠲᠠᠭᠠᠯ ᠲᠤᠰᠢᠶᠠᠯ᠂ ᠰᠦᠷᠵᠢᠩ ᠯᠸᠺᠽᠢ ᠶᠦᠮ》 ᠭᠡᠰᠡᠨ ᠠᠭᠤᠤ ᠶᠡᠬᠡ ᠪᠢᠯᠢᠭᠦᠨ ᠨᠣᠮᠴᠢ  ᠪ ·ᠷᠢᠨᠴᠢᠨ ᠦ᠌ ᠵᠢᠷᠦᠬᠡᠨ ᠳ᠋ᠦ᠍ ᠲᠤᠰᠤᠭᠰᠠᠨ ᠬᠦᠴᠦᠲᠦ ᠦᠭᠡ ᠮᠢᠨᠦ ᠰᠠᠨᠠᠭ᠎ᠠ ᠲᠠᠢ ᠨᠡᠢᠴᠡᠵᠦ ᠪᠠᠢᠨ᠎ᠠ᠃ ᠡᠨᠡ ᠯᠡ ᠶᠠᠩᠵᠤ ᠪᠠᠷ ᠬᠡᠯᠡᠨ ᠦ᠌ ᠺᠣᠯᠣᠨᠢ ᠶ᠋ᠢᠨ ᠬᠠᠷ᠎ᠠ ᠰᠡᠭᠦᠳᠡᠷ ᠢ᠋ ᠬᠡᠨᠡᠭ ᠴᠤ᠌ ᠦᠭᠡᠢ ᠡᠬᠡ ᠬᠡᠯᠡᠨ ᠳᠡᠭᠡᠷ᠎ᠡ ᠪᠡᠨ ᠳᠤᠰᠬᠠᠭᠰᠠᠨ ᠪᠠᠢᠪᠠᠯ ᠮᠣᠩᠭᠣᠯ ᠬᠡᠯᠡ ᠪᠡᠨ ᠳᠡᠮᠡᠢ ᠤᠳᠠᠯ ᠦᠭᠡᠢ《ᠤᠯᠠᠭᠠᠨ ᠨᠣᠮ》 ᠬᠡᠯᠡ ᠪᠣᠯᠭᠠᠵᠤ ᠣᠷᠬᠢᠬᠤ ᠨᠢ ᠡᠨᠡᠦᠬᠡᠨ ᠳ᠋ᠦ᠍ ᠰᠢᠦ ᠳᠡ᠃ ᠮᠠᠨ ᠤ᠋ ᠵᠠᠷᠢᠮ ᠮᠣᠩᠭᠣᠯ ᠤ᠋ᠳ ᠦᠭᠡ ᠪᠡᠨ ᠬᠠᠷᠢ ᠬᠡᠯᠡ ᠲᠡᠢ ᠬᠣᠯᠢᠵᠤ ᠬᠤᠳᠬᠤᠵᠤ ᠶᠠᠷᠢᠵᠤ ᠪᠠᠢᠬᠤ ᠪᠠᠨ ᠶᠠᠭᠤᠮᠠᠨ ᠴᠢᠨᠡᠭᠡᠨ ᠦᠵᠡᠬᠦ ᠦᠭᠡᠢ ᠪᠠᠢᠨ᠎ᠠ᠃ ᠲᠣᠭᠠᠨ ᠤ᠋ ᠬᠤᠪᠢᠷᠠᠯᠲᠠ ᠠ᠋ᠴᠠ ᠴᠢᠨᠠᠷ ᠤ᠋ᠨ ᠬᠤᠪᠢᠷᠠᠯᠲᠠ ᠭᠠᠷᠳᠠᠭ ᠢ᠋ ᠮᠡᠳᠡᠮᠡᠷ ᠶᠦᠮ᠃ ᠨᠢᠭᠡ ᠯᠡ ᠮᠡᠳᠡᠬᠦ ᠳ᠋ᠦ᠍ ᠦᠭᠡ ᠬᠡᠯᠡ ᠪᠡᠨ ᠣᠷᠣ ᠰᠤᠷᠠᠭ ᠦᠭᠡᠢ ᠠᠯᠳᠠᠭᠰᠠᠨ ᠮᠠᠨᠵᠤ ᠤ᠋ᠳ ᠪᠤᠶᠤ ᠬᠡᠯᠡ ᠪᠡᠨ ᠬᠢᠲᠠᠳ ᠬᠡᠯᠡ ᠲᠡᠢ《ᠬᠣᠯᠢᠶᠠᠨ ᠪᠠᠨᠲᠠᠩ》 ᠪᠣᠯᠭᠠᠵᠤ ᠶᠠᠷᠢᠳᠠᠭ ᠳ᠋ᠦᠩᠰᠢᠶᠠᠩ᠂ ᠪᠦᠦ ᠠᠨ ᠮᠡᠲᠦ ᠶ᠋ᠢᠨ ᠦᠨᠳᠦᠰᠦᠲᠡᠨ ᠶᠠᠰᠤᠲᠠᠨ ᠰᠢᠭ᠋ ᠵᠣᠭᠰᠣᠵᠤ ᠪᠠᠢᠬᠤ ᠶ᠋ᠢ ᠬᠡᠨ ᠪᠠᠢᠭ ᠭᠡᠬᠦᠪ᠃ 《ᠥᠨᠥᠳᠥᠷ ᠡᠬᠡ ᠬᠡᠯᠡ ᠮᠢᠨᠢ ᠮᠥᠬᠥᠪᠡᠯ ᠮᠠᠷᠭᠠᠰᠢ ᠨᠢ ᠪᠢ ᠦᠬᠦᠨ᠎ᠡ》 ᠭᠡᠰᠡᠨ ᠲᠣᠮᠣ ᠢᠷᠠᠭᠤ ᠨᠠᠢᠷᠠᠭᠴᠢ ᠷᠠᠰᠤᠯ᠂ ᠭᠠᠮᠠᠽᠠᠲ᠋ᠤᠸ ᠤ᠋ᠨ ᠠᠯᠲᠠᠨ ᠪᠠᠳᠠᠭ ᠢ᠋ ᠬᠡᠨ ᠪᠦᠬᠦᠨ ᠰᠠᠨᠠᠵᠤ ᠶᠠᠪᠤᠯᠲᠠᠢ ᠪᠠᠢᠨᠠᠮ᠃
      ᠬᠡᠯᠡ ᠪᠡᠨ ᠠᠯᠳᠠᠪᠠᠯ ᠬᠡᠷᠢᠶ᠎ᠡ ᠶ᠋ᠢ ᠴᠤ ᠬᠦᠷᠬᠦ ᠦᠭᠡᠢ᠃ ᠲᠡᠭᠦᠨ ᠢ᠋ ᠭᠤᠸᠠᠭᠯᠠᠬᠤ ᠪᠠᠷ ᠨᠢ ᠪᠢᠳᠡ ᠬᠡᠷᠢᠶ᠎ᠡ ᠭᠡᠵᠦ ᠲᠠᠨᠢᠨ᠎ᠠ᠃ ᠭᠡᠲᠡᠯ᠎ᠡ ᠬᠡᠯᠡ ᠰᠣᠶᠣᠯ ᠢ᠋ᠶ᠋ᠠᠨ ᠠᠯᠳᠠᠭᠰᠠᠳ ᠶᠠᠮᠠᠷ ᠣᠨᠴᠠᠯᠢᠭ ᠰᠢᠨᠵᠢ ᠪᠡᠷ ᠢ᠋ᠶ᠋ᠡᠨ ᠪᠤᠰᠤᠳ ᠲᠤ ᠲᠠᠨᠢᠭᠳᠠᠬᠤ ᠶᠤᠮ ᠪᠣᠢ? ᠬᠡᠯᠡ ᠪᠡᠨ ᠠᠯᠳᠠᠭᠰᠠᠨ ᠬᠥᠮᠦᠰ ᠦᠨᠡᠨ ᠤᠳᠬ᠎ᠠ ᠳᠡᠭᠡᠷ᠎ᠡ ᠪᠡᠨ ᠠᠮᠢᠰᠬᠤᠭ᠎ᠠ ᠲᠠᠢ ᠬᠥᠯᠳᠡᠭᠦᠰᠦ ᠶᠦᠮ᠃ ᠮᠥᠬᠥᠭᠰᠡᠨ ᠦᠨᠳᠦᠰᠦᠲᠡᠨ ᠳ᠋ᠦ᠍ ᠪᠤᠰᠤᠳ ᠤ᠋ᠨ ᠬᠦᠨᠳᠦᠳᠬᠡᠯ ᠲᠣᠭᠣᠮᠰᠠᠷᠠᠯ ᠦᠯᠦ ᠣᠷᠣᠰᠢᠨᠠᠮ᠃ ᠵᠡᠭᠦᠨ ᠢᠩᠯᠡᠨᠳ᠋ ᠶᠡᠬᠡ ᠰᠤᠷᠭᠠᠭᠤᠯᠢ ᠶ᠋ᠢᠨ ᠬᠥᠮᠦᠨ ᠠᠮᠠ ᠶ᠋ᠢᠨ ᠠᠮᠢ ᠠᠬᠤᠢ ᠶ᠋ᠢᠨ ᠤᠬᠠᠭᠠᠨ ᠤ᠋ ᠸᠢᠯᠢᠶᠡᠮ᠂ ᠰᠡᠰᠸᠯᠡᠨ《ᠬᠥᠮᠦᠨ ᠠᠮᠠ ᠶ᠋ᠢᠨ ᠬᠡᠪᠴᠢᠶ᠎ᠡ ᠪᠠ ᠳᠣᠷᠣᠭᠰᠢᠯᠠᠯᠲᠠ ᠶ᠋ᠢᠨ ᠬᠠᠨᠳᠤᠰᠢ ᠶ᠋ᠢ ᠦᠨᠳᠦᠰᠦᠯᠡᠪᠡᠯ ᠬᠥᠮᠦᠨ ᠲᠥᠷᠥᠯᠬᠢᠲᠡᠨ ᠦ᠌ ᠦᠭᠡ ᠬᠡᠯᠡᠨ ᠦ᠌ ᠮᠥᠬᠥᠯ ᠦ᠋ᠨ ᠢᠷᠮᠡᠭ ᠲᠦ᠍ ᠲᠤᠯᠤᠭᠰᠠᠨ ᠬᠡᠮᠵᠢᠶ᠎ᠡ ᠨᠢ ᠰᠢᠪᠠᠭᠤ ᠪᠣᠯᠤᠨ ᠬᠥᠬᠥᠲᠡᠨ ᠠᠮᠢᠲᠠᠨ ᠠ᠋ᠴᠠ ᠬᠣᠯᠠ ᠬᠡᠴᠡᠭᠦᠦ ᠪᠠᠢᠭ᠎ᠠ》 ᠭᠡᠵᠦ ᠴᠣᠬᠣᠨ ᠲᠡᠮᠳᠡᠭᠯᠡᠭᠰᠡᠨ ᠶᠦᠮ᠃ ᠢᠩᠭᠢᠭᠡᠳ ᠪᠣᠳᠣᠬᠤ ᠳ᠋ᠤ᠌ ᠴᠥᠭᠡᠨ ᠪᠠᠭᠤᠷᠠᠢ ᠦᠨᠳᠦᠰᠦᠲᠡᠨ ᠪᠦᠬᠦᠨ ᠳ᠋ᠦ᠍ ᠬᠡᠯᠡ ᠪᠡᠨ ᠠᠯᠳᠠᠬᠤ ᠶ᠋ᠢᠨ ᠠᠶᠤᠮᠰᠢᠭᠲᠤ ᠳᠣᠬᠢᠶ᠎ᠠ ᠲᠡᠮᠳᠡᠭ᠂ ᠬᠡᠩᠭᠡᠷᠭᠡ ᠴᠠᠩ ᠲᠠᠢ ᠢᠷᠡᠵᠦ ᠶᠠᠪᠤᠭ᠎ᠠ ᠶ᠋ᠢ ᠪᠢᠳᠡ ᠠᠩᠵᠠᠭᠠᠷᠠᠬᠤ ᠦᠭᠡᠢ ᠪᠠᠢᠵᠤ ᠪᠣᠯᠬᠤ ᠦᠭᠡᠢ ᠨᠢ᠃ ᠡᠢᠮᠦᠷᠬᠦᠦ ᠦᠭᠡ ᠬᠡᠯᠡᠨ ᠦ᠌ ᠣᠷᠴᠢᠨ ᠨᠥᠬᠥᠴᠡᠯ ᠬᠣᠮᠰᠠᠳᠠᠭᠰᠠᠨ ᠬᠦᠨᠳᠦ ᠬᠡᠴᠡᠭᠦᠦ ᠪᠠᠢᠳᠠᠯ ᠳ᠋ᠤ᠌ ᠥᠴᠦᠬᠡᠨ ᠴᠦ᠍ ᠬᠠᠷᠢᠭᠤᠴᠠᠯᠭ᠎ᠠ ᠦᠭᠡᠢ ᠳᠡᠮᠡᠢ ᠶᠠᠭᠤᠮ᠎ᠠ ᠳᠣᠩᠭᠣᠰᠴᠤ ᠰᠠᠭᠤᠬᠤ ᠪᠤᠶᠤ ᠲᠣᠭᠣᠮᠵᠢᠷ ᠦᠭᠡᠢ ᠴᠠᠳᠬᠤᠯᠠᠩ ᠪᠤᠬ᠎ᠠ ᠰᠢᠭ᠋ ᠭᠡᠶᠦᠷᠡᠵᠦ ᠪᠠᠢᠨ᠎ᠠ ᠭᠡᠳᠡᠭ ᠦᠨᠡᠬᠡᠷ ᠬᠥᠮᠦᠨ ᠶᠦᠮ ᠤᠤ? ᠬᠦᠷᠡᠩ ᠬᠠᠯᠲᠠᠷ ᠨᠣᠬᠠᠢ ᠶᠤᠮ ᠤᠤ ᠭᠡᠵᠦ ᠰᠡᠵᠢᠭ ᠠᠵᠢᠭ ᠲᠥᠷᠥᠬᠦ ᠡᠴᠡ ᠠᠷᠭ᠎ᠠ ᠦᠭᠡᠢ᠃
      ᠮᠠᠨ ᠤ᠋ ᠮᠣᠩᠭᠣᠯ ᠤ᠋ᠨ ᠶᠠᠭᠤ ᠪᠣᠯᠭᠠᠨ ᠲᠡᠦᠬᠡ ᠳᠤᠷᠠᠰᠬᠠᠯ ᠤ᠋ᠨ ᠮᠦᠽᠧᠢ ᠤᠷᠤᠭᠤ ᠴᠠᠩᠭᠠᠭᠰᠠᠨ ᠠᠳᠤᠭᠤ ᠰᠢᠭ᠋ ᠴᠤᠪᠤᠵᠤ ᠡᠬᠢᠯᠡᠯ᠎ᠡ᠃ ᠬᠤᠪᠢ ᠲᠠᠪᠢᠯᠠᠩ ᠲᠠᠢ ᠨᠢ《ᠤᠯᠠᠭᠠᠨ ᠨᠣᠮ》 ᠳ᠋ᠤ᠌ ᠨᠡᠷ᠎ᠡ ᠪᠡᠨ ᠪᠦᠷᠢᠳᠬᠡᠭᠦᠯᠦᠭᠡᠳ ᠠᠮᠵᠢᠵᠤ᠂ ᠬᠤᠪᠢ ᠲᠠᠪᠢᠯᠠᠩ ᠳᠤᠲᠠᠭᠤ ᠨᠢ ᠬᠡᠨ ᠴᠦ᠍ ᠮᠡᠳᠡᠬᠦ ᠦᠭᠡᠢ ᠪᠠᠢᠭᠰᠠᠭᠠᠷ ᠭᠡᠭᠡᠭᠳᠡᠨ ᠣᠷᠬᠢᠭᠳᠠᠬᠤ ᠪᠣᠯᠵᠤ ᠪᠠᠢᠨ᠎ᠠ᠃ ᠠᠶᠤᠯ ᠠᠯᠳᠠᠰ ᠭᠡᠵᠦ ᠡᠨᠡ ᠪᠣᠯᠠᠢ᠃ ᠠᠶᠤᠮᠰᠢᠭ ᠲᠦᠭᠰᠢᠭᠦᠷᠢ ᠭᠡᠵᠦ ᠮᠥᠨ ᠡᠨᠡ ᠪᠢᠯᠡ᠃ ᠲᠡᠦᠬᠡ ᠶ᠋ᠢᠨ ᠡᠷᠢᠶᠡᠨ ᠲᠣᠭᠣᠰᠣᠨ ᠳ᠋ᠤ᠌ ᠵᠠᠮᠬᠠᠷᠠᠵᠤ ᠠᠯᠠᠭ᠎ᠠ ᠪᠣᠯᠤᠭ᠎ᠠ ᠦᠭᠡᠢ ᠡᠳᠦᠭᠡ ᠳ᠋ᠦ᠍ ᠬᠦᠷᠦᠭᠰᠡᠨ ᠲᠩᠷᠢ ᠤᠬᠠᠭᠠᠨᠲᠤ ᠪᠤᠭᠤᠷᠤᠯ ᠳᠡᠭᠡᠳᠦᠰ ᠦ᠋ᠨ ᠮᠢᠨᠢ ᠣᠶᠤᠨ ᠤᠬᠠᠭᠠᠨ᠂ ᠰᠤᠤ ᠪᠢᠯᠢᠭ ᠢ᠋ᠶ᠋ᠡᠷ ᠪᠦᠲᠦᠵᠦ ᠪᠦᠷᠢᠯᠳᠦᠭᠰᠡᠨ ᠠᠤᠭ᠎ᠠ ᠭᠠᠢᠬᠠᠮᠰᠢᠭᠲᠤ ᠰᠣᠶᠣᠯ ᠢ᠋ᠶ᠋ᠠᠨ ᠦᠷᠡᠨ ᠳᠡᠷᠡᠨ ᠬᠢᠬᠦ ᠡᠷᠬᠡ ᠪᠢᠳᠡᠨ ᠳ᠋ᠦ᠍ ᠦᠭᠡᠢ ᠪᠢᠯᠡ᠃ 《ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ》᠃ ᠴᠢᠩᠭᠢᠰ ᠦ᠋ᠨ ᠮᠣᠩᠭᠣᠯ ᠤ᠋ᠳ ᠮᠢᠨᠢ! ᠴᠢᠩ ᠰᠢᠳᠤᠷᠭᠤ ᠰᠣᠶᠣᠯᠲᠤ ᠠᠷᠠᠳ ᠲᠦᠮᠡᠨ ᠮᠢᠨᠢ ᠴᠠᠭ ᠤ᠋ᠨ ᠥᠩᠭᠡᠨ ᠳ᠋ᠦ᠍ ᠬᠠᠭᠤᠷᠲᠠᠵᠤ ᠳᠡᠮᠡᠢ ᠪᠢᠲᠡᠭᠡᠢ ᠮᠥᠷᠥᠭᠡᠳᠴᠦ ᠬᠣᠭᠣᠰᠣᠨ ᠢᠲᠡᠭᠡᠵᠦ ᠰᠠᠭᠤᠭᠲᠤᠨ! ᠮᠣᠩᠭᠣᠯ ᠤᠯᠤᠰ ᠤ᠋ᠨ ᠢᠷᠠᠭᠤ ᠨᠠᠢᠷᠠᠭᠴᠢ ᠵ· ᠳᠣᠷᠵᠢ《ᠬᠡᠯᠡ ᠬᠢᠯᠢ ᠮᠠᠯ ᠭᠤᠷᠪᠠ ᠦᠭᠡᠢ ᠪᠣᠯ ᠬᠡᠨ ᠡᠮᠭᠡᠨᠢᠯᠲᠡᠢ ᠪᠣᠢ? ᠮᠣᠩᠭᠣᠯ ᠰᠢᠦ》 ᠭᠡᠵᠦ ᠬᠥᠬᠡ ᠲᠩᠷᠢ ᠶ᠋ᠢᠨ ᠣᠳᠣᠳ ᠤᠬᠢᠯᠠᠲᠠᠯ᠎ᠠ ᠬᠠᠰᠬᠢᠷᠤᠭᠰᠠᠨ᠃ ᠮᠠᠨ ᠤ᠋ ᠬᠢᠨᠢ ᠡᠨᠡ ᠭᠤᠷᠪᠠ ᠪᠠᠨ ᠨᠢᠭᠡᠮᠦᠰᠦᠨ ᠠᠯᠳᠠᠭᠰᠠᠨ ᠪᠤᠶᠤ ᠠᠯᠳᠠᠭᠰᠠᠭᠠᠷ ᠪᠠᠢᠨ᠎ᠠ᠃ ᠡᠨᠡ ᠭᠤᠷᠪᠠ ᠪᠠᠨ ᠠᠯᠳᠠᠵᠤ ᠣᠷᠬᠢᠪᠠᠯ ᠮᠠᠨ ᠤ᠋ ᠮᠣᠩᠭᠣᠯ ᠣᠷᠴᠢᠯᠠᠩ ᠳᠡᠯᠡᠬᠡᠢ ᠳ᠋ᠦ᠍ ᠣᠷᠣᠰᠢᠨ ᠲᠣᠭᠲᠠᠨᠢᠬᠤ ᠡᠷᠬᠡ ᠪᠡᠨ ᠠᠯᠳᠠᠯ᠎ᠠ ᠯᠠ ᠭᠡᠰᠡᠨ ᠦᠭᠡ᠃ ᠬᠡᠯᠡ ᠪᠣᠯ ᠦᠨᠡᠯᠡᠬᠦ ᠶ᠋ᠢᠨ ᠠᠷᠭ᠎ᠠ ᠦᠭᠡᠢ ᠡᠷᠳᠡᠨᠢ ᠶᠤᠮ᠃ ᠬᠡᠯᠡ ᠪᠡᠨ ᠠᠯᠳᠠᠭᠰᠠᠨ ᠴᠠᠭ ᠲᠤ ᠬᠡᠨᠲᠡᠢ ᠬᠠᠩᠭᠠᠢ ᠶ᠋ᠢᠨ ᠠᠭᠤᠯᠠᠰ ᠊ᠢ ᠠᠯᠲᠠ ᠪᠣᠯᠭᠠᠵᠤ ᠬᠤᠪᠢᠷᠠᠭᠤᠯᠤᠯ᠎ᠠ ᠴᠤ ᠡᠾᠢᠮᠡᠯᠢ ᠠᠭᠤᠯᠠ ᠨᠢᠷᠤᠭᠤ ᠶ᠋ᠢ ᠠᠯᠮᠠᠰ ᠪᠣᠯᠭᠠᠵᠤ ᠬᠤᠳᠠᠯᠳᠤᠯ᠎ᠠ ᠴᠤ ᠬᠡᠯᠡ ᠪᠡᠨ ᠰᠣᠯᠢᠵᠤ ᠢᠷᠡᠵᠦ ᠴᠢᠳᠠᠬᠤ ᠦᠭᠡᠢ᠃ ᠠᠯᠲᠠ ᠡᠷᠳᠡᠨᠢᠰ ᠣᠯᠳᠠᠨ᠎ᠠ᠂ ᠠᠪᠤᠷᠭᠤ ᠣᠳᠣᠨ ᠭᠠᠷᠠᠭ ᠣᠯᠳᠠᠨ᠎ᠠ᠃ ᠠᠭᠤᠤ ᠶᠡᠬᠡ ᠡᠬᠡ ᠬᠡᠯᠡ ᠮᠢᠨᠢ ᠣᠯᠳᠠᠬᠤ ᠦᠭᠡᠢ ᠡ᠃
      ᠠᠯᠲᠠᠨ ᠳᠡᠯᠡᠬᠡᠢ ᠳᠤ ᠠᠵᠠ ᠪᠠᠷ ᠬᠥᠮᠦᠨ ᠪᠣᠯᠵᠤ ᠠᠩᠬ᠎ᠠ ᠨᠢᠳᠦ ᠪᠡᠨ ᠨᠡᠭᠡᠭᠡᠬᠦ ᠳᠤ ᠢᠰᠡᠭᠡᠢ ᠭᠡᠷ ᠦ᠋ᠨ ᠬᠣᠷᠯᠸ᠋᠎ᠠ ᠲᠣᠭᠣᠨᠣ ᠪᠠᠷ ᠨᠠᠷᠠᠨ ‍ᠤ ᠰᠢᠷᠭᠠᠯ ᠭᠡᠭᠡ ᠰᠤᠯᠠ ᠠᠰᠬᠠᠷᠠᠵᠤ᠂ ᠬᠠᠨ᠎ᠠ ᠶ᠋ᠢᠨ ᠲᠣᠯᠣᠭᠠᠢ ᠠ᠋ᠴᠠ ᠡᠯᠭᠦᠭᠰᠡᠨ ᠪᠣᠷᠲᠣᠭᠣ ᠲᠠᠢ ᠠᠶ᠋ᠢᠷᠠᠭ ᠵᠥᠩᠳᠡᠭᠡᠨ 《ᠱᠣᠭᠰᠢᠷᠠᠵᠤ》  ᠭᠠᠩ ᠲᠤᠯᠭᠠᠨ ᠠ᠋ᠴᠠ ᠬᠥᠬᠡ ᠭᠠᠯ ᠦ᠋ᠨ ᠨᠢᠭᠤᠴᠠ ᠪᠠᠳᠠᠷᠠᠵᠤ ᠪᠠᠶ᠋ᠢᠳᠠᠭ ᠮᠣᠩᠭᠣᠯ ᠨᠤᠲᠤᠭ ᠲᠤ ᠲᠥᠷᠥᠭᠰᠡᠨ ᠬᠤᠪᠢ ᠵᠠᠶᠠᠭᠠᠨ ᠳᠤ ᠪᠠᠨ ᠪᠠᠶᠠᠷᠯᠠᠭᠲᠤᠨ!
      《ᠠᠪᠤ ᠡ! ᠡᠵᠢ!》 ᠠᠯᠠᠭ ᠬᠣᠷᠸ᠋᠎ᠠ ᠴᠢᠮ᠎ᠠ ᠶ᠋ᠢ ᠭᠡᠵᠦ ᠬᠡᠯᠡ ᠣᠷᠣᠬᠤ ᠳᠤ ᠮᠣᠩᠭᠣᠯ ᠬᠥᠮᠦᠨ ᠬᠡᠮᠡᠨ ᠲᠠᠨᠢᠵᠤ᠂ 《ᠪᠢᠯᠡᠭᠦᠦ! ᠴᠢᠯᠠᠭᠤ!》 ᠭᠡᠵᠦ ᠵᠤᠯᠠᠢ ᠪᠠᠨ ᠪᠢᠲᠡᠭᠦᠯᠡᠵᠦ ᠭᠠᠵᠠᠷ ᠲᠩᠷᠢ ᠶ᠋ᠢᠨ ᠥᠭᠭᠦᠭᠡᠵᠢ ᠬᠡᠰᠢᠭ ᠲᠤ ᠪᠠᠭᠲᠠᠵᠤ ᠪᠦᠲᠦᠨ ᠪᠣᠯᠤᠭᠰᠠᠨ ᠶ᠋ᠢᠠᠨ ᠰᠠᠨᠠᠵᠤ ᠮᠣᠩᠭᠣᠯ ᠬᠡᠯᠡ ᠪᠡᠨ ᠬᠠᠶ᠋ᠢᠷᠠᠯᠠᠭᠲᠤᠨ!
      ᠴᠡᠩᠬᠡᠷ ᠲᠠᠯ᠎ᠠ ᠶ᠋ᠢᠨ ᠡᠩᠭᠡᠷ ᠲᠤ ᠡᠭᠦᠯᠡ ᠭᠠᠵᠠᠷᠳᠠᠵᠤ᠂ ᠴᠡᠴᠡᠭᠡᠰ ᠦ᠋ᠨ ᠳᠡᠯᠪᠢᠭᠡ ᠰᠢᠭᠦᠳᠡᠷᠢ ᠡᠮᠬᠦᠭᠰᠡᠨ ᠴᠡᠯᠮᠡᠭ ᠥᠷᠯᠥᠭᠡ ᠡᠷᠳᠡᠮ ᠳᠤ ᠠᠮᠠᠯᠠᠭᠰᠠᠨ《ᠴᠠᠭᠠᠨ ᠲᠣᠯᠣᠭᠠᠢ》 ᠲᠠᠢ ᠪᠠᠨ ᠡᠬᠢᠯᠡᠨ ᠠᠭᠤᠯᠵᠠᠭᠰᠠᠨ ᠶ᠋ᠢᠠᠨ ᠳᠤᠷᠠᠰᠴᠤ᠂ ᠡᠬᠡ ᠲᠤᠩᠭᠠᠯᠠᠭ ᠬᠡᠯᠡ ᠪᠡᠨ ᠬᠠᠮᠠᠭᠠᠯᠠᠭᠲᠤᠨ!
      ᠡᠷᠡᠮᠡᠬᠡᠢ ᠳᠡᠭᠡᠳᠦᠰ ᠦ᠋ᠨ ᠮᠢᠨᠢ ᠥᠯᠮᠡᠢ ᠳᠣᠣᠷ᠎ᠠ ᠢᠳᠡᠷ ᠳᠡᠯᠡᠬᠡᠢ ᠰᠢᠷᠬᠠᠳᠤᠭᠰᠠᠨ ᠡᠯᠢᠶ᠎ᠡ ᠰᠢᠭ᠌ ᠨᠠᠪᠲᠠᠯᠵᠠᠵᠤ᠂ ᠥᠷᠥᠨ᠎ᠡ ᠳᠣᠷᠣᠨ᠎ᠠ ᠦᠭᠡᠢ ᠡᠪᠦᠳᠦᠭ ᠴᠡᠴᠡᠷᠡᠵᠦ ᠪᠠᠶ᠋ᠢᠬᠰᠠᠨ ᠲᠡᠷᠡ ᠴᠠᠭ ᠊ᠢ ᠡᠷᠭᠢᠨ ᠳᠤᠷᠠᠰᠴᠤ ᠡᠷᠳᠡᠨᠢᠲᠤ ᠲᠡᠦᠬᠡ ᠶ᠋ᠢᠨ ᠶ᠋ᠢᠡᠨ ᠬᠠᠭᠤᠳᠠᠰᠤ ᠶ᠋ᠢ ᠰᠡᠬᠦᠭᠲᠦᠨ!
      ᠠᠯᠤᠰ ᠠ᠋ᠴᠠ ᠠᠳᠤᠭᠤᠳ ᠦ᠋ᠨ ᠦᠨᠦᠷ ᠬᠠᠩᠬᠤᠯᠵᠤ᠂ ᠠᠯᠲᠠᠨ ᠲᠣᠪᠴᠢ ᠰᠢᠬ ᠣᠳᠣᠳ ᠦ᠋ᠨ ᠠᠨᠢᠪᠴᠢᠭ᠎ᠠ ᠡᠪᠡᠰᠦᠨ ‍ᠦ ᠰᠢᠭᠦᠳᠡᠷᠢ ᠳᠤ ᠡᠷᠬᠡᠯᠡᠭᠰᠡᠨ ᠰᠥᠨᠢ ᠪᠡᠷ ᠬᠠᠶ᠋ᠢᠷᠠᠲᠠᠢ ᠥᠬᠢᠨ ‍ᠦ ᠪᠡᠨ ᠡᠭᠡᠮᠦᠭ ᠲᠡᠢ ᠴᠢᠬᠢᠨ ᠳᠤ《 ᠴᠢᠮ᠎ᠠ ᠳᠤ ᠪᠢ ᠬᠠᠶ᠋ᠢᠷᠠᠲᠠᠢ》 ᠭᠡᠵᠦ ᠮᠣᠩᠭᠣᠯ ᠶ᠋ᠢᠠᠷ ᠰᠢᠪᠡᠨᠡᠭᠰᠡᠨ ᠶ᠋ᠢᠡᠨ ᠪᠣᠳᠣᠵᠤ᠂ ᠡᠷᠢᠶᠡᠨ ᠴᠡᠴᠡᠭ ᠦ᠋ᠨ ᠴᠣᠮᠣᠭ ᠰᠢᠬ ᠡᠬᠡ ᠬᠡᠯᠡ ᠪᠡᠨ ᠬᠠᠶ᠋ᠢᠷᠠᠯᠠᠭᠲᠤᠨ!
      ᠬᠥᠳᠡᠭᠡ ᠬᠥᠬᠡᠷᠡᠵᠦ᠂ ᠭᠠᠳᠠᠭ᠎ᠠ ᠭᠠᠩᠳᠠᠵᠤ ᠬᠡᠭᠡᠷ᠎ᠡ ᠶ᠋ᠢᠨ ᠨᠠᠷᠠ ᠰᠠᠯᠬᠢ ᠪᠠᠷ ᠦᠩᠭᠡᠭᠦᠯᠵᠦ ᠬᠦᠷᠡᠩ ᠬᠠᠳᠠ ᠰᠢᠬ ᠪᠣᠯᠤᠯ᠎ᠠ ᠴᠤ ᠨᠤᠲᠤᠭ ᠶ᠋ᠢᠠᠨ ᠣᠷᠬᠢᠭᠠᠳ ᠬᠣᠲᠠ ᠪᠠᠷᠠᠳᠠᠶ᠎ᠠ ᠭᠡᠵᠦ ᠭᠠᠭᠴᠠ ᠴᠤ ᠵᠡᠭᠦᠳᠦᠯᠡᠵᠦ ᠦᠵᠡᠭᠡ ᠦᠭᠡᠢ ᠠᠵᠠᠢ ᠪᠤᠭᠤᠷᠤᠯ ᠦ᠋ᠳ ᠶ᠋ᠢᠠᠨ ᠥᠷᠥᠪᠳᠦᠨ ᠰᠢᠲᠦᠵᠦ ᠨᠤᠲᠤᠭ ᠤᠰᠤ ᠪᠠᠨ ᠬᠠᠶ᠋ᠢᠷᠠᠯᠠᠭᠲᠤᠨ!
      ᠦᠳᠡᠰᠢ ᠶ᠋ᠢᠨ ᠴᠢᠯᠥᠭᠡᠨ ᠳᠤ ᠳᠣᠮᠣᠭ ᠦ᠋ᠨ ᠭᠥᠷᠥᠭᠡᠰᠦ ᠡᠭᠦᠳᠡᠨ ᠳᠤ ᠴᠢᠨᠢ ᠢᠷᠡᠭᠡᠳ ᠴᠡᠴᠡᠭ ᠦ᠋ᠨ ᠳᠠᠪᠠᠯᠭᠠᠨ ᠳᠤᠮᠳᠠ ᠥᠷᠥᠭᠡᠰᠦᠨ ᠬᠥᠯ ᠶ᠋ᠢᠡᠨ ᠡᠷᠭᠦᠵᠦ ᠴᠢᠬᠢ ᠪᠡᠨ ᠰᠡᠷᠲᠡᠯᠵᠡᠭᠦᠯᠦᠨ ᠦᠯᠢᠭᠡᠷ ᠠᠨᠢᠷᠯᠠᠳᠠᠭ ᠢ᠋ ᠲᠥᠰᠦᠭᠡᠯᠡᠵᠦ ᠮᠣᠩᠭᠣᠯ ᠰᠣᠶᠣᠯ ᠤ᠋ᠨ ᠶ᠋ᠢᠠᠨ ᠭᠠᠶ᠋ᠢᠬᠠᠮᠰᠢᠭ ᠲᠤ  ᠪᠢᠰᠢᠷᠡᠭᠲᠦᠨ!
      ᠮᠥᠩᠭᠥᠨ ᠰᠠᠷᠠᠨ ᠤ᠋ ᠳᠣᠣᠷ᠎ᠠ ᠮᠣᠩᠭᠣᠯ ᠥᠬᠢᠳ ᠢ᠋ ᠦᠨᠦᠰᠦᠭᠰᠡᠨ ᠬᠥᠪᠡᠭᠦᠳ ᠮᠢᠨᠢ! ᠮᠠᠨᠳᠤᠬᠠᠢ ᠴᠡᠴᠡᠨ ᠬᠠᠲᠤᠨ ᠲᠠᠢ ᠮᠠᠨᠠᠬᠤ ᠵᠡᠭᠦᠳᠦ ᠪᠡᠷ ᠢ᠋ᠶ᠋ᠡᠨ ᠤᠴᠠᠷᠠᠳᠠᠭ ᠥᠬᠢᠳ ᠦ᠋ᠳ ᠮᠢᠨᠢ ᠢᠰᠡᠭᠡᠢ ᠭᠡᠷ ᠢ᠋ᠶ᠋ᠡᠷ ᠲᠠᠮᠠᠭᠠᠯᠠᠵᠤ᠂ ᠲᠤᠯᠭ᠎ᠠ ᠶ᠋ᠢᠨ ᠭᠤᠷᠪᠠᠨ ᠴᠢᠯᠠᠭᠤ ᠪᠠᠷ ᠪᠠᠲᠤᠯᠠᠭᠰᠠᠨ ᠡᠬᠡ ᠣᠷᠣᠨ ᠢ᠋ᠶ᠋ᠠᠨ ᠬᠠᠢᠷᠠᠯᠠᠭᠲᠤᠨ!
      《ᠬᠥᠮᠦᠨ ᠲᠥᠷᠥᠯᠬᠢᠲᠡᠨ ᠳ᠋ᠦ᠍ ᠤᠴᠠᠷᠠᠵᠤ ᠪᠣᠯᠬᠤ ᠬᠣᠶᠠᠷ ᠭᠠᠮᠰᠢᠭ ᠪᠠᠢᠳᠠᠭ ᠢ᠋ ᠨᠡᠷᠡᠯᠡᠭᠰᠡᠨ ᠦ᠌ ᠨᠢᠭᠡ ᠨᠢ ᠬᠠᠭᠤᠴᠢᠨ ᠤ᠋ ᠪᠠᠨ ᠥᠪ ᠵᠠᠬᠢᠶᠠᠰᠤ ᠶ᠋ᠢ ᠦᠯᠦ ᠣᠢᠰᠢᠶᠠᠨ ᠡᠰᠡ ᠲᠣᠭᠣᠮᠰᠠᠷᠯᠠᠭᠰᠠᠨ ᠠ᠋ᠴᠠ ᠲᠡᠷᠡ ᠲᠠᠨᠢ ᠡᠪᠡᠳᠴᠢᠨ ᠵᠣᠪᠠᠯᠠᠩ᠂ ᠬᠣᠭᠣᠰᠣᠷᠠᠯ᠂ ᠭᠤᠢᠯᠢᠨᠴᠢᠨ᠂ ᠦᠬᠦᠯ ᠥᠯᠥᠰᠬᠦᠯᠡᠩ ᠢ᠋ᠶ᠋ᠡᠷ ᠬᠠᠷᠢᠭᠤ ᠪᠠᠨ ᠠᠪᠤᠨ᠎ᠠ᠃》 ᠭᠡᠰᠡᠨ ᠹᠷᠠᠨᠼᠢ ᠶ᠋ᠢᠨ ᠠᠤᠭ᠎ᠠ ᠶᠡᠬᠡ ᠵᠥᠩᠴᠢ ᠨᠣᠰᠲ᠋ᠷᠳ᠌ᠡᠮᠤᠰ ᠤ᠋ᠨ ᠤᠷᠠᠨ ᠵᠥᠩᠨᠡᠯ ᠢ᠋ ᠮᠥᠷᠳᠡᠵᠦ ᠤᠬᠠᠭᠠᠨᠲᠤ ᠳᠡᠭᠡᠳᠦᠰ ᠦ᠋ᠨ ᠢ᠋ᠶ᠋ᠡᠨ ᠨᠠᠨᠳᠢᠨ ᠵᠠᠬᠢᠶᠠᠰᠤ ᠶ᠋ᠢ ᠰᠠᠬᠢᠭᠲᠤᠨ!
      《ᠮᠣᠩᠭᠣᠯ ᠭᠡᠳᠡᠭ ᠨᠢᠭᠡ ᠨᠡᠷ᠎ᠡ ᠶᠢᠷᠲᠢᠨᠴᠦ ᠶ᠋ᠢᠨ ᠴᠢᠬᠢᠨ᠎ᠡ ᠳᠠᠭᠤᠷᠢᠰᠬᠠᠯᠲᠠᠢ᠂
      ᠮᠣᠩᠭᠣᠯ ᠤ᠋ᠨ ᠲᠥᠯᠥᠭᠡ ᠭᠡᠳᠡᠭ ᠰᠠᠨᠠᠭ᠎ᠠ ᠪᠢᠳᠡᠨ ᠦ᠌ ᠵᠢᠷᠦᠬᠡᠨ ᠳ᠋ᠦ᠍ ᠬᠣᠯᠪᠣᠭᠠᠲᠠᠢ᠂
      ᠥᠰᠬᠦ ᠡᠴᠡ ᠲᠥᠷᠥᠭᠰᠡᠨ ᠦᠨᠳᠦᠰᠦᠨ ᠬᠡᠯᠡ ᠮᠠᠷᠲᠠᠵᠤ ᠪᠣᠯᠣᠰᠢ ᠦᠭᠡᠢ ᠰᠣᠶᠣᠯ
      ᠦᠬᠦᠲᠡᠯ᠎ᠡ ᠣᠷᠣᠰᠢᠬᠤ ᠲᠥᠷᠥᠯᠬᠢ ᠨᠤᠲᠤᠭ ᠰᠠᠯᠵᠤ ᠪᠣᠯᠣᠰᠢ ᠦᠭᠡᠢ ᠣᠷᠣᠨ》 ᠭᠡᠰᠡᠨ ᠳ· ᠨᠠᠴᠤᠭᠳᠣᠷᠵᠢ ᠶ᠋ᠢᠨ ᠭᠠᠩᠳᠠᠨ ᠪᠠᠭᠤᠷᠠᠰᠢ ᠦᠭᠡᠢ ᠮᠥᠩᠬᠡ ᠶ᠋ᠢᠨ ᠪᠠᠳᠠᠭ ᠢ᠋ ᠵᠦᠭᠡᠷ ᠨᠢᠭᠡ ᠤᠩᠰᠢᠬᠤ᠂ ᠪᠢᠴᠢᠬᠦ᠂ ᠬᠠᠭᠤᠯᠬᠤ ᠲᠡᠳᠦᠢ ᠪᠤᠰᠤ ᠦᠨᠡᠨ ᠬᠦ᠌ ᠦᠢᠯᠡ ᠬᠡᠷᠡᠭ ᠦ᠋ᠨ ᠢ᠋ᠶ᠋ᠡᠨ ᠮᠥᠷᠳᠡᠯᠭᠡ ᠪᠣᠯᠭᠠᠨ ᠬᠡᠷᠡᠭᠵᠢᠭᠦᠯᠵᠦ ᠶᠠᠪᠤᠭᠲᠤᠨ!
      ᠡᠷᠭᠢᠨ ᠳᠤᠷᠠᠰᠬᠤᠢ ᠶ᠋ᠢᠨ ᠵᠢᠷᠭᠠᠯ ᠠ᠋ᠴᠠ ᠡᠬᠡ ᠬᠡᠯᠡᠨ ᠦ᠌ ᠮᠥᠩᠬᠡ ᠶ᠋ᠢᠨ ᠰᠢᠲᠦᠯᠭᠡ ᠡᠬᠢᠯᠡᠨ᠎ᠡ᠃
      ᠬᠡᠯᠡ ᠲᠡᠢ ᠪᠣᠯ ᠬᠥᠯ ᠲᠡᠢ᠃
      ᠬᠡᠯᠡ ᠲᠡᠢ ᠪᠣᠯ ᠠᠮᠢ ᠲᠠᠢ᠃
      ᠬᠡᠯᠡ ᠲᠡᠢ ᠪᠡᠨ 
ᠪᠠᠢᠭᠰᠠᠨ ᠴᠠᠭ ᠲᠤ ᠬᠡᠨ ᠦ᠌ ᠴᠤ ᠡᠮᠦᠨ᠎ᠡ ᠪᠢᠳᠡ ᠭᠠᠵᠠᠷᠳᠠᠬᠤ ᠦᠭᠡᠢ ᠠ᠋᠃

   ᠦᠰᠦᠭ ᠠᠮᠢᠯᠠᠭᠤᠯᠤᠭᠴᠢ᠄ ᠴᠢ᠊· ᠤᠷᠠᠨᠴᠡᠴᠡᠭ
   ᠬᠢᠨᠠᠭᠴᠢ᠄ ᠣᠳᠬᠠᠨᠰᠣ᠎ᠠ᠂ ᠳᠠᠷᠤᠴᠢᠨ ᠨᠠᠨᠳᠢᠨ᠂ ᠭᠠᠷᠮ᠎ᠠ