ᠪᠠᠭ᠎ᠠ ᠲᠠᠷᠨᠤБага тарна ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭ᠎ᠠ ᠲᠠᠷᠨᠤБага тарна

ᠪᠠᠭ᠎ᠠ ᠲᠠᠷᠨᠤБага тарна

2024-09-08

600

      ᠲᠤᠰ ᠡᠮ ᠪᠣᠯ ᠪᠡᠭᠡᠵᠢᠩ ᠲᠠᠷᠨᠤ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠡᠭᠡᠵᠢᠩ ᠲᠠᠷᠨᠤ ᠶ᠋ᠢᠨ ᠬᠠᠲᠠᠭᠠᠭᠰᠠᠨ ᠦᠨᠳᠦᠰᠦ ᠮᠥᠨ᠃ ᠪᠠᠰᠠ ᠲᠠᠷᠴᠥ᠋ᠩ᠂ ᠷᠾᠳᠪᠤ ᠭᠡᠳᠡᠭ᠃
     [ ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃30—60cm ᠥᠨᠳᠥᠷ᠂ ᠪᠦᠬᠦ ᠪᠡᠶ᠎ᠡ ᠳ᠋ᠦ᠍ᠨᠢ ᠴᠠᠭᠠᠨ ᠰᠦ ᠲᠡᠢ᠃ ᠡᠰᠢ ᠨᠢ ᠰᠢᠯᠤᠭᠤᠨ ᠤᠷᠭᠤᠨ᠎ᠠ᠃  ᠤᠵᠠᠭᠤᠷ ᠠ᠋ᠴᠠ ᠪᠠᠨ ᠰᠠᠯᠠᠭᠠᠯᠠᠨ᠎ᠠ᠂ ᠤᠷᠲᠤ ᠵᠥᠭᠡᠯᠡᠨ ᠦᠰᠦ ᠲᠡᠢ᠃ ᠨᠠᠪᠴᠢ ᠨᠢ ᠴᠤᠪᠤᠷᠠᠨ ᠤᠷᠭᠤᠨ᠎ᠠ᠂ ᠤᠷᠲᠤᠯᠵᠢᠨ ᠲᠣᠭᠣᠷᠢᠭ ᠠ᠋ᠴᠠ ᠬᠠᠪᠲᠠᠭᠠᠢ ᠲᠡᠪᠡᠨᠡ ᠬᠡᠯᠪᠡᠷᠢ ᠲᠡᠢ᠂3—8cm ᠤᠷᠲᠤ᠂5—13cm ᠥᠷᠭᠡᠨ᠂ ᠪᠦᠲᠦᠨ ᠬᠥᠪᠡᠭᠡ ᠲᠡᠢ᠃ ᠦᠰᠦ ᠦᠭᠡᠢ᠂ ᠨᠠᠪᠴᠢ ᠨᠢ ᠪᠠᠷᠢᠭᠤᠯ ᠦᠭᠡᠢ᠃ ᠪᠠᠭ ᠴᠡᠴᠡᠭ ᠨᠢ ᠡᠰᠢᠨ ᠦ᠌ ᠣᠷᠣᠢ ᠠ᠋ᠴᠠ ᠤᠷᠭᠤᠭᠰᠠᠨ ᠲᠠᠪᠤᠨ ᠪᠠᠷᠢᠭᠤᠯ ᠤ᠋ᠨ ᠣᠷᠣᠢ ᠳ᠋ᠤ᠌ ᠤᠷᠭᠤᠨ᠎ᠠ᠃ ᠪᠠᠭ ᠴᠡᠴᠡᠭ ᠦ᠋ᠨ ᠤᠭ ᠲᠤᠨᠢ ᠥᠨᠳᠡᠭᠡᠯᠵᠢᠨ ᠪᠤᠶᠤ ᠥᠨᠳᠡᠭᠡᠯᠵᠢᠨ ᠬᠠᠪᠲᠠᠭᠠᠢ  ᠲᠡᠪᠡᠨᠡ ᠬᠡᠯᠪᠡᠷᠢᠲᠦ ᠨᠠᠪᠴᠢ  ᠰᠢᠭ ᠪᠠᠭᠯᠠᠭᠴᠢ ᠳᠤᠭᠤᠢᠷᠠᠨ ᠤᠷᠭᠤᠳᠠᠭ᠃ ᠴᠣᠮᠣ ᠬᠡᠯᠪᠡᠷᠢᠲᠦ ᠪᠠᠭ ᠴᠡᠴᠡᠭ ᠦ᠋ᠨ ᠶᠡᠷᠦᠩᠬᠡᠢ ᠪᠠᠭᠯᠠᠭᠴᠢ ᠨᠢ ᠪᠣᠳᠣᠩ ᠬᠡᠯᠪᠡᠷᠢ ᠲᠡᠢ᠂4 ᠰᠡᠵᠢᠭᠦᠷ ᠢᠯᠲᠠᠰᠤ ᠲᠠᠢ᠂ ᠳᠠᠭᠠᠯᠳᠤᠪᠤᠷᠢ ᠦᠭᠡᠢ ᠵᠤᠤᠪᠠᠩ ᠪᠤᠯᠴᠢᠷᠬᠠᠢ ᠲᠠᠢ᠂ ᠳᠣᠲᠣᠷ᠎ᠠ ᠨᠢ ᠴᠡᠴᠡᠭ ᠦ᠋ᠨ ᠰᠢᠳᠠᠷ ᠦᠭᠡᠢ ᠣᠯᠠᠨ ᠡᠷ᠎ᠡ ᠴᠡᠴᠡᠭ ᠪᠣᠯᠤᠨ ᠨᠢᠭᠡ ᠡᠮ᠎ᠡ ᠴᠡᠴᠡᠭ ᠪᠣᠢ᠃ ᠡᠷ᠎ᠡ ᠴᠡᠴᠡᠭ ᠨᠢ1  ᠡᠷ᠎ᠡ ᠲᠣᠭᠣᠷᠴᠣᠭ ᠲᠠᠢ᠂ ᠡᠮ᠎ᠡ ᠴᠡᠴᠡᠭ ᠨᠢ1 ᠡᠮ᠎ᠡ ᠲᠣᠭᠣᠷᠴᠣᠭ ᠲᠠᠢ᠃ ᠤᠮᠠᠢ ᠨᠢ ᠪᠥᠮᠪᠦᠭᠡᠨ  ᠬᠡᠯᠪᠡᠷᠢ ᠲᠡᠢ᠂3 ᠲᠠᠰᠤᠭ ᠲᠠᠢ᠂3 ᠴᠡᠴᠡᠭ ᠦ᠋ᠨ ᠪᠠᠭᠠᠨ᠎ᠠ ᠲᠠᠢ᠂ ᠣᠷᠣᠢ ᠳ᠋ᠤᠨᠢ2 ᠭᠦᠢᠬᠡᠨ ᠣᠨᠢ ᠲᠠᠢ᠃ ᠬᠣᠩᠭᠣᠷᠴᠣᠭᠲᠤ ᠵᠢᠮᠢᠰ ᠨᠢ ᠭᠤᠷᠪᠠᠯᠵᠢᠨ ᠰᠢᠭ᠋ ᠪᠥᠮᠪᠦᠭᠡᠨ ᠬᠡᠯᠪᠡᠷᠢ ᠲᠡᠢ᠂ ᠦ ᠰᠢᠭ ᠳᠣᠪᠣᠭᠣᠷ ᠤ᠋ᠳ ᠲᠠᠢ᠃4—5 ᠳ᠋ᠤᠭᠠᠷ ᠰᠠᠷ᠎ᠠ ᠳ᠋ᠤ᠌ ᠴᠡᠴᠡᠭᠯᠡᠵᠦ᠂6—7 ᠳ᠋ᠤᠭᠠᠷ ᠰᠠᠷ᠎ᠠ ᠳ᠋ᠤ᠌ ᠵᠢᠮᠢᠰᠯᠡᠨ᠎ᠡ᠃
     [ ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠠᠵᠠᠭᠤ᠂ ᠣᠢ ᠶ᠋ᠢᠨ ᠳᠣᠲᠣᠷ᠎ᠠ᠂ ᠵᠠᠮ ᠤ᠋ᠨ ᠬᠥᠪᠡᠭᠡ ᠪᠡᠷ ᠤᠷᠭᠤᠨ᠎ᠠ᠃ ᠰᠢᠨᠵᠢᠶᠠᠩ᠂ ᠲᠥᠪᠡᠳ ᠡᠴᠡ ᠪᠤᠰᠤᠳ ᠮᠣᠵᠢ ᠳ᠋ᠤ᠌ ᠪᠦᠷ ᠲᠠᠷᠬᠠᠴᠠ ᠲᠠᠢ᠃
     [ ᠲᠡᠭᠦᠵᠦ ᠪᠣᠯᠪᠠᠰᠤᠷᠠᠭᠤᠯᠬᠤ] ᠨᠠᠮᠤᠷ᠂ ᠡᠪᠦᠯ ᠦᠨᠳᠦᠰᠦ ᠶ᠋ᠢ ᠨᠢ ᠮᠠᠯᠲᠠᠨ. ᠠᠪᠴᠤ ᠤᠬᠢᠶᠠᠨ ᠴᠡᠪᠡᠷᠯᠡᠭᠡᠳ ᠨᠠᠷᠠᠨ ᠳ᠋ᠤ᠌ ᠬᠠᠲᠠᠭᠠᠨ᠎ᠠ᠃
     [ ᠠᠮᠲᠠ᠂ ᠴᠢᠨᠠᠷ᠂ ᠡᠷᠳᠡᠮ] ᠭᠤᠱᠤᠭᠤᠨ ᠠᠮᠲᠠ; ᠪᠦᠯᠢᠶᠡᠨ ᠴᠢᠨᠠᠷ ᠲᠠᠢ; ᠰᠢᠩᠭᠡᠨ᠂ ᠮᠣᠬᠣᠳᠠᠭ᠂ ᠬᠥᠯᠪᠡᠷᠢᠭᠦᠨ᠂ ᠰᠢᠷᠦᠭᠦᠨ ᠡᠷᠳᠡᠮ ᠲᠡᠢ; ᠬᠣᠣᠷ ᠲᠠᠢ᠃
     [ ᠴᠢᠳᠠᠯ ᠪᠠ ᠭᠣᠣᠯᠳᠠᠭᠤ ᠵᠠᠰᠠᠬᠤ] ᠳᠣᠭᠣᠯᠭᠠᠬᠤ᠂ ᠰᠢᠷ᠎ᠠ ᠶ᠋ᠢ ᠠᠷᠢᠯᠭᠠᠬᠤ ᠴᠢᠳᠠᠯ ᠲᠠᠢ᠃ ᠭᠣᠣᠯᠳᠠᠭᠤ ᠨᠢᠶᠠᠨ ᠬᠠᠳᠬᠤᠯᠭ᠎ᠠ᠂ ᠰᠠᠬᠤᠤ ᠪᠣᠭᠣᠮ᠎ᠠ᠂ ᠨᠢᠳᠦ ᠪᠡᠶ᠎ᠡ ᠰᠢᠷᠠᠯᠠᠬᠤ ᠰᠢᠷ᠎ᠠ ᠡᠪᠡᠳᠴᠢᠨ᠂ ᠮᠢᠬᠠᠨ ᠤ᠋ ᠬᠣᠣᠷ ᠵᠡᠷᠭᠡ ᠡᠪᠡᠳᠴᠢᠨ ᠢ᠋ ᠵᠠᠰᠠᠬᠤ ᠳ᠋ᠤ᠌  ᠬᠡᠷᠡᠭᠯᠡᠨ᠎ᠡ᠃
     [ ᠠᠩᠬᠠᠷᠤᠯ] ᠵᠢᠷᠮᠦᠰᠦᠨ ᠡᠮᠡᠭᠲᠡᠢ ᠳ᠋ᠦ᠍ ᠴᠡᠭᠡᠷᠯᠡᠵᠦ᠂ ᠲᠠᠮᠢᠷ ᠳᠣᠷᠣᠢ ᠡᠪᠡᠳᠴᠢᠲᠡᠨ ᠳ᠋ᠦ᠍ ᠬᠢᠴᠢᠶᠡᠵᠦ ᠬᠡᠷᠡᠭᠯᠡᠨ᠎ᠡ᠃

   ᠬᠢᠲᠠᠳ ᠨᠡᠷ᠎ᠡ᠄京大戟
   ᠠᠩᠭ᠌ᠯᠢ ᠨᠡᠷ᠎ᠡ᠄Euphorbia   pekihensis   Rupr.

   ᠦᠰᠦᠭ ᠠᠮᠢᠯᠠᠭᠤᠯᠤᠭᠴᠢ᠄ ᠣ ᠰᠡᠴᠡᠨᠲᠤ
   ᠬᠢᠨᠠᠭᠴᠢ᠄ ᠥᠯᠵᠢᠢᠪᠠᠭᠠᠲᠤᠷ ᠲᠤᠶᠠᠭ᠎ᠠ