ᠮᠣᠷᠢᠨ ᠬᠤᠭᠤᠷ -ᠵᠢᠮᠪᠠ ᠶ᠋ᠢᠨ ᠳᠠᠰᠢᠳᠣᠩᠳᠤᠭМорин хуур ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠷᠢᠨ ᠬᠤᠭᠤᠷ -ᠵᠢᠮᠪᠠ ᠶ᠋ᠢᠨ ᠳᠠᠰᠢᠳᠣᠩᠳᠤᠭМорин хуур

ᠮᠣᠷᠢᠨ ᠬᠤᠭᠤᠷ -ᠵᠢᠮᠪᠠ ᠶ᠋ᠢᠨ ᠳᠠᠰᠢᠳᠣᠩᠳᠤᠭМорин хуур

2024-09-08

983

   ᠵᠢᠮᠪᠠ ᠶ᠋ᠢᠨ ᠳᠠᠰᠢᠳᠣᠩᠳᠤᠭ 
ᠮᠣᠷᠢᠨ ᠬᠤᠭᠤᠷ ᠢ᠋ᠶ᠋ᠠᠨ ᠲᠠᠲᠠᠯ᠎ᠠ 
ᠮᠣᠩᠭᠣᠯ ᠠᠶᠠᠯᠭᠤ ᠡᠭᠦᠰᠬᠡᠯ᠎ᠡ 
ᠠᠶᠠᠯᠭᠤᠨ ᠠ᠋ᠴᠠ ᠨᠢ— ᠠᠶᠠᠰ ᠤ᠋ᠨ ᠰᠠᠯᠬᠢ 
ᠰᠠᠯᠬᠢᠨ ᠠ᠋ᠴᠠ ᠨᠢ— ᠴᠠᠭᠠᠨ ᠡᠭᠦᠯᠡ 
ᠡᠭᠦᠯᠡᠨ ᠡᠴᠡ ᠨᠢ— ᠦᠶᠡᠷ ᠪᠣᠷᠣᠭ᠎ᠠ 
ᠪᠣᠷᠣᠭᠠᠨ ᠠ᠋ᠴᠠ ᠨᠢ— ᠪᠣᠷᠭᠢᠶ᠎ᠠ ᠬᠠᠷᠭᠢᠶ᠎ᠠ 
ᠬᠠᠷᠭᠢᠶ᠎ᠠ ᠠ᠋ᠴᠠ ᠨᠢ— ᠬᠠᠪᠤᠷ ᠤ᠋ᠨ ᠤᠨᠢᠶᠠᠷ 
ᠤᠨᠢᠶᠠᠷ ᠠ᠋ᠴᠠ ᠨᠢ— ᠠᠭᠤᠯᠠ ᠶ᠋ᠢᠨ ᠰᠢᠭᠤᠢ
ᠰᠢᠭᠤᠢ ᠠ᠋ᠴᠠ ᠨᠢ— ᠰᠢᠪᠠᠭᠤᠨ ᠤ᠋ ᠵᠢᠷᠭᠢᠭᠡ
ᠵᠢᠷᠭᠢᠭᠡ ᠡᠴᠡ ᠨᠢ— ᠵᠢᠮᠢᠰᠲᠦ ᠳᠣᠪᠣᠴᠠᠭ
ᠳᠣᠪᠣᠴᠠᠭ ᠠ᠋ᠴᠠ ᠨᠢ— ᠲᠣᠭᠣᠷᠢᠮ ᠪᠦᠷᠢᠳᠦ
ᠪᠦᠷᠢᠳᠦ ᠡᠴᠡ ᠨᠢ— ᠪᠥᠭᠡᠷᠡᠭ ᠡᠯᠡᠰᠦ
ᠡᠯᠡᠰᠦ ᠡᠴᠡ ᠨᠢ— ᠢᠩᠭᠡᠨ ᠪᠤᠢᠯᠠᠭ᠎ᠠ
ᠪᠤᠢᠯᠠᠭ᠎ᠠ ᠠ᠋ᠴᠠ ᠨᠢ— ᠪᠤᠲᠠ ᠰᠣᠨᠳᠤᠤᠯᠠ
ᠰᠣᠨᠳᠤᠤᠯᠠ ᠠ᠋ᠴᠠ ᠨᠢ— ᠰᠣᠨᠢᠨ ᠵᠡᠷᠭᠡᠯᠭᠡ
ᠵᠡᠷᠭᠡᠯᠭᠡᠨ ᠡᠴᠡ ᠨᠢ— ᠵᠡᠭᠡᠷ᠎ᠡ ᠶ᠋ᠢᠨ ᠢᠷᠠᠯᠵᠠᠭ᠎ᠠ 
ᠢᠷᠠᠯᠵᠠᠭᠠᠨ ᠠ᠋ᠴᠠ ᠨᠢ— ᠢᠯᠠᠭᠤᠨ ᠰᠠᠭᠠᠷᠠᠯ
ᠰᠠᠭᠠᠷᠠᠯ ᠠ᠋ᠴᠠ ᠨᠢ— ᠰᠠᠢᠪᠤᠷ ᠵᠢᠷᠣᠭ᠎ᠠ
ᠵᠢᠷᠣᠭ᠎ᠠ ᠠ᠋ᠴᠠ ᠨᠢ— ᠵᠢᠯᠣᠭᠣ ᠴᠤᠯᠪᠤᠭᠤᠷ
ᠴᠤᠯᠪᠤᠭᠤᠷ ᠠ᠋ᠴᠠ ᠨᠢ— ᠬᠦᠯᠦᠭ ᠦ᠋ᠨ ᠡᠵᠡᠨ!
ᠡᠵᠡᠨ ᠨᠢ— ᠡᠷᠡᠯᠬᠡᠭ ᠮᠣᠩᠭᠣᠯ!
ᠮᠣᠷᠢᠨ ᠬᠤᠭᠤᠷ ᠤ᠋ᠨ ᠡᠭᠡᠰᠢᠭ ᠲᠦ᠍
ᠮᠣᠩᠭᠣᠯ ᠪᠦᠭᠦᠳᠡᠭᠡᠷ ᠪᠠᠭᠲᠠᠨ᠎ᠠ᠃

          1991 ᠣᠨ

   ᠦᠰᠦᠭ ᠠᠮᠢᠯᠠᠭᠤᠯᠤᠭᠴᠢ᠄ ᠤᠷᠠᠨᠴᠢᠮᠡᠭ
   ᠬᠢᠨᠠᠭᠴᠢ᠄ ᠣᠳᠬᠠᠨᠰᠣ᠎ᠠ