ᠰᠣᠶᠣᠯ ᠤ᠋ᠨ ᠭᠠᠪᠢᠶᠠᠲᠤ ᠵᠢᠳᠬᠦᠯᠲᠡᠳ- ᠷᠠ᠊· ᠴᠢᠯᠠᠭᠤСоёлын гавьяат зүтгэлтэт-Ра Чулуу
ᠰᠣᠶᠣᠯ ᠤ᠋ᠨ ᠭᠠᠪᠢᠶᠠᠲᠤ ᠵᠢᠳᠬᠦᠯᠲᠡᠳ
ᠷᠠ᠊᠂ ᠴᠢᠯᠠᠭᠤ
ᠵᠣᠯᠪᠣᠭ᠎ᠠ ᠵᠢᠪᠬᠤᠭ᠎ᠠ ᠪᠠᠳᠠᠷᠠᠭᠰᠠᠨ ᠪᠣᠰᠤᠭ᠎ᠠ ᠮᠣᠩᠭᠣᠯ ᠦᠰᠦᠭ ᠲᠡᠢ
ᠵᠣᠷᠢᠭ ᠰᠥᠰᠥ ᠪᠣᠴᠠᠯᠤᠭᠰᠠᠨ ᠲᠩᠷᠢᠯᠢᠭ ᠤᠳᠤᠮ ᠦ᠋ᠨ ᠬᠣᠶ᠋ᠢᠴᠢᠰ ᠦ᠋ᠳ
ᠵᠠᠭᠤᠨ ᠲᠦᠮᠡᠨ ᠬᠡᠷᠡᠭᠯᠡᠭᠴᠢᠳ ᠦ᠋ᠨ ᠰᠠᠨᠠᠭ᠎ᠠ ᠰᠡᠳᠬᠢᠯ ᠊ᠢ ᠪᠠᠶᠠᠰᠬᠠᠭᠰᠠᠨ
ᠵᠢᠭᠠᠨ ᠵᠢᠯᠣᠭᠣᠳᠬᠤ ᠲᠠᠪᠴᠠᠩ ᠬᠡᠶ᠋ᠢᠮᠣᠷᠢ ᠰᠦᠯᠵᠢᠶ᠎ᠡ ᠶ᠋ᠢ ᠪᠠᠶ᠋ᠢᠭᠤᠯᠵᠤ
ᠰᠣᠶᠣᠯ ᠦ᠋ᠨ ᠰᠠᠩ ᠊ᠢ ᠴᠢᠮᠡᠭᠯᠡᠬᠦ ᠳᠤ ᠠᠯᠲᠠᠨ ᠲᠣᠭᠣᠰᠬ᠎ᠠ ᠵᠢᠷᠭᠡᠯᠡᠨ
ᠰᠠᠭᠤᠷᠢ ᠲᠠᠯᠪᠢᠨ ᠪᠡᠬᠢᠯᠡᠵᠦ ᠠᠰᠠᠷ ᠲᠠᠭᠲᠤ ᠶ᠋ᠢ ᠪᠣᠰᠬᠠᠭᠰᠠᠨ ᠶᠤᠮ᠂
ᠰᠤᠷᠤᠭᠰᠠᠨ ᠮᠡᠳᠡᠭᠰᠡᠨ ᠪᠦᠬᠦᠨ ᠶ᠋ᠢᠡᠨ ᠬᠠᠷᠠᠮᠯᠠᠯ ᠦᠭᠡᠢ ᠵᠣᠷᠢᠭᠤᠯᠤᠨ
ᠰᠤᠷᠭᠠᠯ ᠲᠤᠷᠰᠢᠯᠭ᠎ᠠ ᠢᠪᠡᠭᠡᠨ ᠥᠨᠢᠳᠡ ᠶ᠋ᠢᠨ ᠳᠤᠷᠠᠳᠬᠠᠯ ᠦᠯᠡᠳᠡᠭᠡᠭᠰᠡᠨ
ᠠᠷᠤᠤᠬᠠᠨ ᠮᠦᠷᠲᠡᠬᠡᠨ ᠤᠬᠠᠭᠠᠯᠢᠭ ᠰᠣᠳᠣᠨ ᠪᠠᠭᠰᠢ ᠨᠠᠷ ᠦ᠋ᠨ ᠬᠥᠮᠦᠵᠢᠯ ᠶ᠋ᠢᠡᠷ
ᠢᠷᠠᠭᠤᠬᠠᠨ ᠪᠥᠭᠡᠳ ᠴᠣᠪᠣᠭᠣᠯᠢᠭ ᠣᠳᠣᠨ ᠪᠠᠭᠠᠴᠤᠤᠯ ᠴᠣᠯᠭᠣᠷᠠᠭᠰᠠᠨ ᠶᠤᠮ᠃
ᠠᠵᠢᠯᠰᠠᠭ ᠮᠦᠷᠲᠡᠬᠡᠨ ᠰᠢᠨᠳᠠᠰᠤᠯᠢᠭ ᠰᠡᠴᠡᠨ ᠠᠬᠠᠮᠠᠳ ᠦ᠋ᠨ ᠵᠢᠯᠣᠭᠣᠳᠤᠯᠭ᠎ᠠ ᠪᠡᠷ
ᠠᠪᠢᠶᠠᠰᠯᠢᠭ ᠪᠥᠭᠡᠳ ᠳᠣᠷᠪᠢᠯᠢᠬ ᠴᠡᠴᠡᠨ ᠴᠢᠳᠠᠪᠤᠷᠢᠲᠠᠨ ᠰᠢᠯᠭᠠᠷᠠᠭᠰᠠᠨ ᠶᠤᠮ᠃
ᠣᠯᠠᠨ ᠦᠨᠳᠦᠰᠦᠲᠡᠨ ᠶᠠᠰᠤᠲᠡᠳ ᠦ᠋ᠨ ᠬᠡᠯᠡ ᠰᠣᠶᠣᠯ ᠦ᠋ᠨ ᠦᠢᠯᠡᠰ ᠲᠤ
ᠤᠬᠠᠭᠠᠨ ᠲᠠᠮᠢᠷ ᠶ᠋ᠢᠠᠨ ᠰᠢᠩᠭᠡᠭᠡᠵᠦ ᠦᠵᠦᠭ ᠬᠤᠷᠴᠠᠯᠠᠭᠰᠠᠨ ᠪᠠᠭᠰᠢ ᠮᠢᠨᠢ
ᠨᠠᠢ᠍ᠮᠠᠨ ᠮᠢᠩᠭᠠᠨ ᠠᠭᠤᠯᠭ᠎ᠠ ᠲᠠᠢ ᠺᠢᠨᠣ᠋ ᠵᠦᠴᠦᠭᠡ ᠶ᠋ᠢ ᠵᠢᠷᠤᠭᠯᠠᠨ
ᠨᠠᠷᠢᠯᠢᠬ ᠤᠷᠠᠯᠢᠭ ᠲᠥᠰᠥᠪᠯᠡᠨ ᠰᠢᠨᠡᠴᠢᠯᠡᠯᠲᠡ ᠡᠭᠦᠳᠦᠭᠰᠡᠨ ᠭᠠᠪᠢᠶᠠᠲᠡᠳ ᠮᠢᠨᠢ
ᠵᠥᠭᠡᠯᠡᠨ ᠬᠠᠲᠠᠭᠤ ᠣᠷᠴᠢᠯᠠᠩ ᠊ᠢ ᠰᠣᠶᠣᠨ ᠬᠡᠬᠡᠷᠡᠭᠦᠯᠬᠦ ᠪᠡᠷ ᠮᠡᠷᠡᠶ᠋ᠢᠵᠦ
ᠵᠥᠪ ᠪᠢᠴᠢᠯᠭᠡ ᠶ᠋ᠢᠨ ᠴᠤᠭᠯᠠᠷᠠᠯ ᠊ᠢ ᠰᠠᠨᠠᠭᠠᠴᠢᠯᠠᠨ ᠰᠡᠳᠬᠢᠵᠦ ᠡᠭᠦᠰᠬᠡᠨ
ᠵᠦᠭ ᠪᠦᠬᠦᠨ ᠦ ᠪᠠᠬᠠᠲᠡᠳ ᠦ᠋ᠨ ᠣᠶᠤᠨ ᠤ ᠰᠣᠷᠢᠯᠲᠠ ᠶ᠋ᠢ ᠳᠠᠶ᠋ᠢᠴᠢᠯᠠᠵᠤ
ᠵᠢᠷᠦᠬᠡ ᠰᠡᠳᠬᠢᠯ ᠶ᠋ᠢᠡᠨ ᠴᠢᠯᠡᠭᠡᠵᠦ ᠰᠣᠶᠣᠯ ᠶ᠋ᠢᠠᠨ ᠳᠡᠯᠭᠡᠷᠡᠭᠦᠯᠦᠭᠰᠡᠨ ᠪᠠᠭᠰᠢ ᠨᠠᠷ ᠮᠢᠨᠢ
ᠵᠢᠳᠬᠦᠯ ᠭᠠᠪᠢᠶ᠎ᠠ ᠲᠡᠮᠳᠡᠭᠯᠡᠨ ᠱᠠᠩᠨᠠᠯ ᠮᠥᠩᠭᠥᠨ ᠳᠤ ᠭᠣᠷᠢᠯᠠᠭᠠ ᠦᠭᠡᠢ
ᠵᠥᠩᠨᠡᠯ ᠢᠷᠥᠭᠡᠯ ᠴᠠᠯᠭᠢᠭᠤᠯᠤᠨ ᠲᠦᠮᠡᠨ ᠣᠯᠠᠨ ᠶ᠋ᠢᠠᠨ ᠤᠷᠢᠶᠠᠯᠠᠵᠤ
ᠮᠣᠩᠭᠣᠯ ᠪᠢᠴᠢᠭ ᠦ᠋ᠨ ᠰᠦᠨᠡᠰᠦ ᠶ᠋ᠢ ᠳᠠᠭᠤᠳᠠᠨ ᠰᠡᠷᠭᠦᠭᠡᠵᠦ ᠠᠮᠢᠯᠠᠭᠤᠯᠤᠨ
ᠮᠣᠷᠢᠲᠠᠨ ᠪᠠᠭᠠᠲᠤᠷ ᠦᠨᠳᠦᠰᠦᠲᠡᠨ ᠦ ᠬᠡᠶ᠋ᠢᠮᠣᠷᠢ ᠰᠦᠯᠳᠡ ᠶ᠋ᠢ ᠮᠠᠨᠳᠤᠭᠤᠯᠵᠤ
ᠤᠨᠲᠠᠵᠤ ᠠᠮᠠᠷᠠᠬᠤ ᠪᠠᠨ ᠤᠮᠠᠷᠲᠠᠵᠤ ᠴᠠᠭ ᠮᠥᠴᠡ ᠲᠡᠢ ᠤᠷᠤᠯᠳᠤᠨ
ᠤᠯᠤᠰ ᠦᠨᠳᠦᠰᠦᠲᠡᠨ ᠦ ᠲᠥᠯᠥᠭᠡ ᠨᠠᠰᠤ ᠪᠠᠨ ᠡᠯᠡᠭᠡᠭᠰᠡᠨ ᠪᠠᠭᠰᠢ ᠨᠠᠷ ᠮᠢᠨᠢ᠂
ᠤᠯᠠᠷᠢᠵᠤ ᠣᠷᠣᠰᠢᠬᠤ ᠬᠣᠷᠸ᠋᠎ᠠ ᠶ᠋ᠢᠨ ᠰᠠᠯᠬᠢ ᠰᠢᠭᠤᠷᠭ᠎ᠠ ᠲᠠᠢ ᠲᠡᠮᠡᠴᠡᠨ
ᠤᠷᠭ᠎ᠠ ᠪᠢᠷ ᠲᠡᠢ ᠬᠠᠨᠢᠰᠠᠨ ᠢᠰᠭᠡᠷᠴᠤ ᠳᠠᠪᠬᠢᠬᠰᠠᠨ ᠬᠥᠮᠦᠰ ᠦ᠋ᠨ ᠮᠢᠨᠢ
ᠭᠠᠯ ᠲᠠᠢ ᠬᠠᠯᠠᠭᠤᠨ ᠰᠡᠳᠬᠢᠯ ᠳᠤ ᠴᠢᠨᠢ ᠲᠩᠷᠢ ᠪᠤᠷᠬᠠᠨ ᠣᠶᠠᠷᠠᠵᠤ
ᠭᠠᠩ ᠲᠠᠢ ᠨᠤᠲᠤᠭ ᠨᠣᠭᠣᠭᠠᠷᠠᠨ ᠬᠤᠷ᠎ᠠ ᠲᠠᠢ ᠵᠤᠨ ᠮᠢᠨᠢ ᠠᠮᠤᠭᠤᠯᠠᠩ
ᠭᠠᠩᠭᠠᠩ ᠪᠠᠶ᠋ᠢᠭᠠᠯᠢ ᠰᠣᠯᠣᠩᠭᠠᠷᠠᠨ ᠲᠣᠷᠭᠠᠨ ᠪᠡᠯᠴᠢᠭᠡᠷ ᠭᠠᠩᠬᠤᠯᠵᠠᠵᠤ
ᠭᠠᠷ ᠬᠣᠯᠪᠣᠨ ᠨᠢᠬᠲᠠᠷᠠᠭᠰᠠᠨ ᠮᠣᠩᠭᠣᠯ ᠲᠦᠮᠡᠨ ᠮᠢᠨᠢ ᠪᠠᠶᠠᠰᠬᠤᠯᠠᠩ᠃
2024.9.10 ᠤ ᠪᠠᠭᠰᠢ ᠶ᠋ᠢᠨ ᠪᠠᠶᠠᠷ ᠦ᠋ᠨ ᠡᠳᠦᠷ ᠊ᠢ ᠲᠣᠬᠢᠶᠠᠯᠳᠤᠭᠤᠯᠤᠨ ᠵᠥᠪ ᠪᠢᠴᠢᠯᠭᠡ ᠶ᠋ᠢᠨ ᠬᠣᠯᠪᠣᠭ᠎ᠠ᠂ ᠬᠠᠳᠠᠮᠠᠯ ᠦᠰᠦᠭ ᠦ᠋ᠨ ᠬᠣᠯᠪᠣᠭ᠎ᠠ᠂ ᠠᠮᠢᠳᠤ ᠦᠰᠦᠭ ᠦ᠋ᠨ ᠬᠣᠯᠪᠣᠭ᠎ᠠ ᠵᠡᠷᠭᠡ ᠬᠡᠶ᠋ᠢᠮᠣᠷᠢ ᠰᠦᠯᠵᠢᠶᠡᠨ ᠦ ᠡᠯ᠎ᠡ ᠲᠠᠪᠴᠠᠩ ᠳᠤ ᠠᠵᠢᠯᠯᠠᠵᠤ᠂ ᠦᠢᠯᠡᠴᠢᠯᠡᠵᠤ ᠪᠠᠶ᠋ᠢᠭ᠎ᠠ ᠣᠯᠠᠨ ᠰᠠᠶ᠋ᠢᠬᠠᠨ ᠰᠣᠶᠣᠯ ᠦ᠋ᠨ ᠵᠢᠳᠬᠦᠯᠲᠡᠨ ᠪᠠᠭᠰᠢ ᠨᠠᠷ ᠲᠤ ᠪᠠᠨ ᠴᠢᠩ ᠰᠡᠳᠬᠢᠯ ᠦ᠋ᠨ ᠲᠠᠯᠠᠷᠬᠠᠯ ᠳᠡᠪᠰᠢᠭᠦᠯᠦᠶ᠎ᠡ!
ᠲᠠ ᠨᠠᠷ ᠮᠠᠨᠢ ᠵᠦᠳᠡᠷᠡᠭᠰᠡᠨ ᠰᠢᠦ᠂ ᠪᠠᠭᠰᠢ ᠨᠠᠷ ᠮᠢᠨᠢ ᠡᠷᠡᠭᠦᠯ ᠡᠩᠬᠡ ᠪᠠᠶ᠋ᠢᠭᠠᠰᠠᠢ!
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ
ᠦᠰᠦᠭ ᠬᠢᠨᠠᠭᠴᠢ᠄ ᠣᠳᠬᠠᠨᠰᠣᠠ᠋
