ᠨᠠᠷᠠᠰᠤ ᠡᠪᠡᠰᠦНарс өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠰᠤ ᠡᠪᠡᠰᠦНарс өвс

ᠨᠠᠷᠠᠰᠤ ᠡᠪᠡᠰᠦНарс өвс

2024-09-07

637

   ᠲᠤᠰ ᠡᠮ ᠪᠣᠯ ᠬᠠᠢᠷᠰᠤᠯᠢᠭ ᠦᠰᠦᠲᠦ ᠣᠢᠮ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠲᠣᠮᠣ ᠡᠰᠢᠲᠦ ᠬᠠᠢᠷᠰᠤᠯᠢᠭ ᠦᠰᠦᠲᠦ ᠣᠢᠮ᠎ᠠ ᠪᠠ ᠪᠤᠷᠴᠠᠭᠲᠤ ᠣᠢᠮ᠎ᠠ ᠶ᠋ᠢᠨ ᠢᠵᠠᠭᠤᠷ ᠤ᠋ᠨ ᠤᠷᠭᠤᠮᠠᠯ ᠪᠣᠯᠬᠤ ᠪᠤᠷᠴᠠᠭᠲᠤ ᠣᠢᠮ᠎ᠠ ᠶ᠋ᠢᠨ ᠬᠠᠲᠠᠭᠠᠭᠰᠠᠨ ᠦᠨᠳᠦᠰᠦ᠂ ᠦᠨᠳᠦᠰᠦᠯᠢᠭ ᠡᠰᠢ ᠵᠢᠴᠢ ᠡᠰᠢᠨ ᠦ᠌ ᠤᠵᠠᠭᠤᠷ ᠮᠥᠨ᠃ ᠳ᠋ᠦᠮᠪᠤᠷᠸᠷᠠᠯ ᠭᠡᠳᠡᠭ᠃
   [ ᠤᠤᠯ ᠤᠷᠭᠤᠮᠠᠯ]1. ᠲᠣᠮᠣ ᠡᠰᠢᠲᠦ ᠬᠠᠢᠷᠰᠤᠯᠢᠭ ᠦᠰᠦᠲᠦ ᠣᠢᠮ᠎ᠠ ᠣᠯᠠᠨ ᠨᠠᠰᠤᠲᠤ ᠡᠪᠡᠰᠦᠯᠢᠭ ᠤᠷᠭᠤᠮᠠᠯ᠂ 50—100cm ᠥᠨᠳᠥᠷ᠂ ᠬᠥᠷᠥᠰᠥᠨ ᠳᠣᠣᠷᠠᠬᠢ ᠦᠨᠳᠦᠰᠦᠯᠢᠭ ᠡᠰᠢ ᠨᠢ ᠲᠠᠰᠢᠭᠤ᠂ ᠮᠠᠰᠢ ᠣᠯᠠᠨ ᠨᠠᠪᠴᠢᠨ ᠪᠠᠷᠢᠭᠤᠯ ᠤ᠋ᠨ ᠦᠯᠡᠳᠡᠭᠳᠡᠯ ᠤᠵᠠᠭᠤᠷ ᠪᠣᠯᠤᠨ ᠰᠠᠬᠠᠯ ᠦᠨᠳᠦᠰᠦ ᠲᠡᠢ᠂ ᠢᠭᠴᠤ ᠪᠦᠷᠬᠦᠭᠰᠡᠨ ᠵᠢᠪᠡ ᠶ᠋ᠢᠨ ᠥᠩᠭᠡ ᠲᠡᠢ ᠪᠤᠶᠤ ᠭᠦᠨ ᠬᠦᠷᠡᠩ ᠥᠩᠭᠡᠲᠦ ᠲᠣᠮᠣ ᠬᠠᠢᠷᠰᠤᠯᠢᠭ ᠢᠯᠲᠠᠰᠤ ᠲᠠᠢ᠂ ᠲᠡᠷᠡ ᠨᠢ ᠤᠷᠲᠤᠯᠵᠢᠨ ᠬᠠᠪᠲᠠᠭᠠᠢ ᠲᠡᠪᠡᠨᠡ ᠪᠤᠶᠤ ᠪᠦᠰᠡ ᠬᠡᠯᠪᠡᠷᠢ ᠲᠡᠢ᠂1—2.5cm ᠤᠷᠲᠤ᠃ ᠨᠠᠪᠴᠢ ᠨᠢ ᠪᠠᠭᠯᠠᠷᠠᠨ ᠤᠷᠭᠤᠨ᠎ᠠ᠃ ᠨᠠᠪᠴᠢᠨ ᠪᠠᠷᠢᠭᠤᠯ ᠨᠢ10—25cm ᠤᠷᠲᠤ᠂ ᠤᠭ ᠠ᠋ᠴᠠ ᠪᠠᠨ ᠨᠠᠪᠴᠢᠨ ᠤ᠋ ᠲᠡᠩᠭᠡᠯᠢᠭ ᠬᠦᠷᠲᠡᠯ᠎ᠡ ᠤᠯᠠᠪᠤᠷ ᠥᠩᠭᠡ ᠲᠡᠢ᠂ ᠪᠦᠰᠡᠯᠢᠭ ᠪᠤᠶᠤ ᠥᠷᠥᠮ ᠦ᠋ᠨ ᠦᠵᠦᠭᠦᠷ ᠰᠢᠭ ᠬᠡᠯᠪᠡᠷᠢ ᠲᠡᠢ᠂ ᠨᠠᠪᠴᠢᠨ ᠢᠯᠲᠠᠰᠤ ᠨᠢ ᠡᠪᠡᠰᠦᠯᠢᠭ᠂ ᠥᠷᠭᠡᠨ ᠲᠣᠩᠭᠣᠷᠤᠤ ᠬᠠᠪᠲᠠᠭᠠᠢ ᠲᠡᠪᠡᠨᠡ ᠬᠡᠯᠪᠡᠷᠢ ᠲᠡᠢ᠂50—60cm ᠤᠷᠲᠤ ᠬᠣᠶᠠᠷᠳᠠᠭᠰᠠᠨ ᠥᠳᠥᠯᠢᠭ ᠭᠦᠢᠴᠡᠳ ᠣᠨᠢ ᠪᠤᠶᠤ ᠭᠦᠨ ᠣᠨᠢ ᠲᠠᠢ᠂ ᠳᠤᠮᠳᠠ ᠬᠡᠰᠡᠭ ᠦ᠋ᠨ ᠥᠳᠥᠯᠢᠭ ᠢᠯᠲᠠᠰᠤ ᠨᠢ10—15cm ᠤᠷᠲᠤ᠂2—3cm ᠥᠷᠭᠡᠨ᠃ ᠵᠢᠵᠢᠭ ᠰᠡᠵᠢᠭᠦᠷ ᠢᠯᠲᠠᠰᠤ ᠨᠢ ᠤᠷᠲᠤᠯᠵᠢᠨ ᠲᠣᠭᠣᠷᠢᠭ ᠬᠡᠯᠪᠡᠷᠢ ᠲᠡᠢ᠂ ᠬᠥᠪᠡᠭᠡ ᠨᠢ ᠪᠦᠲᠦᠨ ᠰᠢᠬᠠᠭᠤ ᠪᠤᠶᠤ ᠦᠵᠦᠭᠦᠷ ᠲᠤᠨᠢ ᠮᠣᠬᠣᠭᠣ ᠬᠢᠷᠥᠭᠡᠨ ᠰᠢᠲᠦ ᠲᠡᠢ᠂ ᠬᠣᠶᠠᠷ ᠲᠠᠯ᠎ᠠ ᠳ᠋ᠤ᠌ ᠨᠢ ᠡᠳᠦᠢ ᠲᠡᠳᠦᠢ ᠵᠢᠪᠡ ᠶ᠋ᠢᠨ ᠥᠩᠭᠡ ᠲᠡᠢ ᠬᠠᠢᠷᠰᠤᠯᠢᠭ ᠢᠯᠲᠠᠰᠤ ᠲᠠᠢ᠂ ᠨᠠᠪᠴᠢᠨ ᠤ᠋ ᠠᠷᠤ ᠨᠢ ᠭᠦᠢᠬᠡᠨ ᠨᠣᠭᠣᠭᠠᠨ᠃ ᠰᠫᠣᠷ ᠤ᠋ᠨ ᠨᠠᠪᠴᠢ ᠪᠠ ᠲᠡᠵᠢᠭᠡᠯ ᠦ᠋ᠨ ᠨᠠᠪᠴᠢ ᠨᠢ ᠢᠵᠢᠯ ᠬᠡᠯᠪᠡᠷᠢ ᠲᠡᠢ᠃ ᠰᠫᠣᠷ ᠤ᠋ᠨ ᠤᠭᠤᠲᠠ ᠶ᠋ᠢᠨ ᠪᠦᠯᠦᠭ ᠨᠢ ᠨᠠᠪᠴᠢᠨ ᠤ᠋ ᠳᠤᠮᠳᠠ ᠬᠡᠰᠡᠭ ᠡᠴᠡ ᠳᠡᠭᠡᠭᠰᠢ ᠥᠳᠥᠯᠢᠭ ᠨᠠᠪᠴᠢᠨ ᠳᠡᠭᠡᠷ᠎ᠡ ᠨᠢ ᠲᠠᠷᠬᠠᠨ᠎ᠠ᠂ ᠤᠭᠤᠲᠠ ᠶ᠋ᠢᠨ ᠬᠠᠪᠬᠠᠭᠠᠰᠤ ᠨᠢ ᠪᠥᠭᠡᠷᠡᠨ ᠬᠡᠯᠪᠡᠷᠢ ᠲᠡᠢ᠃
   2. ᠪᠤᠷᠴᠠᠭᠲᠤ ᠣᠢᠮ᠎ᠠ ᠤᠷᠲᠤ ᠨᠠᠰᠤᠲᠤ ᠡᠪᠡᠰᠦᠯᠢᠭ ᠤᠷᠭᠤᠮᠠᠯ᠃1m ᠥᠨᠳᠥᠷ᠂
ᠦᠨᠳᠦᠰᠦᠯᠢᠭ ᠡᠰᠢ ᠨᠢ ᠰᠢᠯᠤᠭᠤᠨ᠂ ᠪᠦᠳᠦᠭᠦᠨ᠂ ᠨᠠᠪᠴᠢᠨ ᠤᠭ ᠬᠦᠷᠲᠡᠯ᠎ᠡ ᠢᠬᠴᠤ ᠬᠠᠪᠲᠠᠭᠠᠢ ᠲᠡᠪᠡᠨᠡ ᠬᠡᠯᠪᠡᠷᠢ ᠲᠡᠢ ᠬᠠᠢᠷᠰᠤᠯᠢᠭ ᠢᠯᠲᠠᠰᠤ ᠲᠠᠢ᠃ ᠨᠠᠪᠴᠢ ᠨᠢ ᠪᠠᠭᠯᠠᠷᠠᠨ ᠤᠷᠭᠤᠨ᠎ᠠ᠃2 ᠪᠠᠷᠢᠭᠤᠯ ᠲᠠᠢ᠃ ᠦᠷᠡᠵᠢᠯ ᠦᠭᠡᠢ ᠨᠠᠪᠴᠢ ᠨᠢ ᠬᠠᠪᠲᠠᠭᠠᠢ ᠲᠡᠪᠡᠨᠡ᠂ ᠤᠷᠲᠤᠯᠵᠢᠨ ᠲᠣᠩᠭᠣᠷᠤᠤ ᠬᠠᠪᠲᠠᠭᠠᠢ ᠲᠡᠪᠡᠨᠡ ᠪᠤᠶᠤ ᠥᠷᠭᠡᠨ ᠤᠷᠲᠤᠯᠵᠢᠨ ᠲᠣᠭᠣᠷᠢᠭ ᠬᠡᠯᠪᠡᠷᠢ ᠲᠡᠢ᠂45—90cm ᠤᠷᠲᠤ᠂14—15cm ᠥᠷᠭᠡᠨ᠂ ᠨᠠᠪᠴᠢᠨ ᠲᠡᠩᠭᠡᠯᠢᠭ ᠪᠤᠶᠤ ᠥᠳᠥᠯᠢᠭ ᠨᠠᠪᠴᠢᠨ ᠲᠡᠩᠭᠡᠯᠢᠭ ᠳᠡᠭᠡᠷ᠎ᠡ ᠨᠢ ᠬᠠᠶᠠ ᠤᠯᠠᠪᠤᠷ ᠵᠥᠭᠡᠯᠡᠨ ᠦᠰᠦ ᠲᠡᠢ᠂ ᠬᠣᠶᠠᠷᠳᠠᠭᠰᠠᠨ ᠭᠦᠨ ᠥᠳᠥᠯᠢᠭ ᠣᠨᠢ ᠲᠠᠢ᠂ ᠳᠣᠣᠷ᠎ᠠ ᠬᠡᠰᠡᠭ ᠦ᠋ᠨ 10 ᠢᠯᠡᠭᠦᠦ ᠬᠣᠣᠰ ᠥᠳᠥᠯᠢᠭ ᠢᠯᠲᠠᠰᠤ ᠨᠢ ᠪᠣᠭᠣᠨᠢᠰᠴᠤ᠂ ᠵᠢᠵᠢᠭ ᠴᠢᠬᠢ ᠬᠡᠯᠪᠡᠷᠢ ᠲᠡᠢ ᠪᠣᠯᠳᠠᠭ᠂ ᠳᠤᠮᠳᠠ ᠬᠡᠰᠡᠭ ᠦ᠋ᠨ ᠥᠳᠥᠯᠢᠭ ᠢᠯᠲᠠᠰᠤ ᠶ᠋ᠢᠨ ᠥᠷᠭᠡᠨ ᠨᠢ1.2—2cm᠃ ᠰᠡᠵᠢᠭᠦᠷ ᠢᠯᠲᠠᠰᠤ ᠶ᠋ᠢᠨ ᠬᠥᠪᠡᠭᠡ ᠨᠢ ᠭᠦᠢᠬᠡᠨ ᠳᠣᠯᠭᠢᠶᠠᠯᠢᠭ ᠪᠤᠶᠤ ᠣᠷᠣᠢ ᠳ᠋ᠤᠨᠢ ᠲᠣᠭᠣᠷᠢᠭ ᠬᠡᠷᠴᠢᠶᠡᠰᠦ ᠲᠡᠢ᠂ ᠭᠠᠭᠴᠠ ᠬᠠᠵᠠᠭᠤ ᠰᠤᠳᠠᠯ ᠲᠠᠢ᠃ ᠰᠫᠣᠷᠲᠦ ᠨᠠᠪᠴᠢ ᠨᠢ ᠨᠡᠯᠢᠶᠡᠳ ᠣᠬᠣᠷ ᠵᠢᠵᠢᠭ᠂ ᠰᠢᠯᠤᠭᠤᠨ᠂ ᠨᠢᠭᠡᠳᠦᠭᠰᠡᠨ ᠥᠳᠥᠯᠢᠭ ᠬᠡᠯᠪᠡᠷᠢ ᠲᠡᠢ᠃ ᠴᠠᠭᠠᠰᠤᠯᠢᠭ᠂ ᠥᠳᠥᠯᠢᠭ ᠣᠨᠢ ᠨᠢ ᠳᠣᠷᠣᠭᠰᠢ ᠣᠷᠢᠶᠠᠯᠳᠤᠭᠠᠳ ᠦᠶ᠎ᠡ ᠪᠦᠬᠦᠢ ᠪᠤᠷᠴᠠᠭ ᠵᠢᠮᠢᠰ ᠰᠢᠭ ᠪᠣᠯᠵᠤ ᠤᠭᠤᠲᠠ ᠶ᠋ᠢᠨ ᠪᠦᠯᠦᠭ ᠢ᠋ ᠪᠠᠭᠯᠠᠵᠤ ᠪᠠᠢᠳᠠᠭ᠃ ᠰᠫᠣᠷ ᠤ᠋ᠨ ᠤᠭᠤᠲᠠ ᠶ᠋ᠢᠨ ᠪᠦᠯᠦᠭ ᠨᠢ ᠲᠣᠭᠣᠷᠢᠭ ᠬᠡᠯᠪᠡᠷᠢ ᠲᠡᠢ᠂ ᠬᠠᠵᠠᠭᠤ ᠰᠤᠳᠠᠯ ᠤ᠋ᠨ ᠰᠠᠯᠪᠤᠷᠢ ᠶ᠋ᠢᠨ ᠳᠤᠮᠳᠠ ᠬᠡᠰᠡᠭ ᠲᠦ᠍ ᠪᠠᠢᠷᠢᠯᠠᠨ᠎ᠠ᠃
   [ ᠤᠷᠭᠤᠬᠤ ᠣᠷᠴᠢᠨ ᠬᠢᠭᠡᠳ ᠲᠠᠷᠬᠠᠴᠠ] ᠲᠣᠮᠣ ᠡᠰᠢᠲᠦ ᠬᠠᠢᠷᠰᠤᠯᠢᠭ ᠦᠰᠦᠲᠦ ᠣᠢᠮ᠎ᠠ ᠪᠣᠯ ᠣᠢ ᠶ᠋ᠢᠨ ᠳᠣᠣᠷᠠᠬᠢ ᠴᠢᠭᠢᠭᠯᠢᠭ ᠭᠠᠵᠠᠷ ᠂ ᠨᠠᠮᠤᠭ ᠲᠤ ᠤᠷᠭᠤᠨ᠎ᠠ᠃ ᠵᠡᠭᠦᠨ ᠬᠣᠢᠲᠤ ᠣᠷᠣᠨ᠂ ᠥᠪᠥᠷ ᠮᠣᠩᠭᠣᠯ᠂ ᠾᠧᠪᠧᠢ ᠳ᠋ᠦ᠍ ᠲᠠᠷᠬᠠᠴᠠ ᠲᠠᠢ᠃ ᠪᠤᠷᠴᠠᠭᠲᠤ ᠣᠢᠮ᠎ᠠ ᠪᠣᠯ ᠣᠢ ᠶ᠋ᠢᠨ ᠳᠣᠣᠷ᠎ᠠ ᠤᠷᠭᠤᠨ᠎ᠠ᠃ ᠬᠥᠬᠡᠮᠦ᠋ᠷᠡᠨ ᠡᠴᠡ ᠤᠮᠠᠷᠠᠰᠢ ᠭᠠᠵᠠᠷ ᠣᠷᠣᠨ ᠳ᠋ᠤ᠌ ᠲᠠᠷᠬᠠᠴᠠ ᠲᠠᠢ᠃
   [ ᠲᠡᠭᠦᠵᠦ ᠪᠣᠯᠪᠠᠰᠤᠷᠠᠭᠤᠯᠬᠤ] ᠬᠠᠪᠤᠷ ᠨᠠᠮᠤᠷ ᠮᠠᠯᠲᠠᠨ ᠠᠪᠴᠤ᠂ ᠨᠠᠪᠴᠢᠨ ᠪᠠᠷᠢᠭᠤᠯ᠂ ᠰᠠᠬᠠᠯ ᠦᠨᠳᠦᠰᠦ ᠶ᠋ᠢ ᠨᠢ ᠵᠢᠰᠢᠭᠦᠦ ᠵᠣᠷᠭᠣᠵᠤ ᠬᠠᠶᠠᠭᠠᠳ ᠰᠢᠪᠡᠷ ᠰᠢᠷᠣᠢ ᠶ᠋ᠢ ᠨᠢ ᠠᠷᠢᠯᠭᠠᠵᠤ᠂ ᠨᠠᠷᠠᠨ ᠳ᠋ᠤ᠌ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠥᠴᠦᠬᠡᠨ ᠠᠮᠲᠠᠯᠢᠭ᠂ ᠭᠠᠰᠢᠭᠤᠨ ᠠᠮᠲᠠ ᠲᠠᠢ᠃ ᠰᠡᠷᠢᠭᠦᠨ ᠴᠢᠨᠠᠷ ᠲᠠᠢ᠂ ᠮᠣᠬᠣᠳᠠᠭ᠂ ᠬᠦᠨᠳᠦ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠵᠤ᠂ ᠬᠣᠣᠷ ᠢ᠋ ᠲᠠᠢᠯᠬᠤ᠂ ᠰᠢᠷᠬ᠎ᠠ ᠶ᠋ᠢ ᠠᠨᠠᠭᠠᠬᠤ ᠴᠢᠳᠠᠯ ᠲᠠᠢ᠃ ᠭᠣᠣᠯᠳᠠᠭᠤ ᠬᠣᠣᠷ ᠤ᠋ᠨ ᠬᠠᠯᠠᠭᠤᠨ᠂ ᠰᠢᠷᠬ᠎ᠠ ᠶ᠋ᠢᠨ ᠬᠠᠯᠠᠭᠤᠨ᠂ ᠬᠢᠵᠢᠭ ᠲᠠᠭᠰᠢᠭᠤᠷ ᠢ᠋ ᠰᠡᠷᠭᠡᠢᠯᠡᠬᠦ ᠵᠡᠷᠭᠡ ᠳ᠋ᠦ᠍ ᠬᠡᠷᠡᠭᠯᠡᠨ᠎ᠡ᠃

   ᠬᠢᠲᠠᠳ ᠨᠡᠷ᠎ᠡ:贯众 (1.粗茎鳞毛蕨 2.荚果蕨)
   ᠠᠩᠭ᠌ᠯᠢ ᠨᠡᠷ᠎ᠡ᠄ 1.Dryopteris crassirhzoma NaKai 2.Matteuccia struthiopteris (L.) Todaro

   ᠦᠰᠦᠭ ᠠᠮᠢᠯᠠᠭᠤᠯᠤᠭᠴᠢ᠄ ᠲᠤᠶᠠᠭ᠎ᠠ
   ᠬᠢᠨᠠᠭᠴᠢ᠄ ᠥᠯᠵᠢᠢᠪᠠᠭᠠᠲᠤᠷ