ᠨᠠᠢᠵᠠ ᠴᠢᠩᠪᠠᠭᠠᠲᠤᠷ ᠢ᠋ ᠡᠷᠭᠢᠨ ᠳᠤᠷᠠᠰᠬᠤᠢ - ᠪᠠᠶᠠᠭᠤᠳ ᠬᠠᠰᠪᠢᠯᠢᠭ᠌Найз чанбаатарыг эргэн дурсхуй-Баяут Хасбилэг
ᠪᠠᠶᠠᠭᠤᠳ ᠬᠠᠰᠪᠢᠯᠢᠭ᠌
ᠥᠴᠥᠭᠡᠳᠦᠷᠬᠡᠨ ᠭᠡᠮᠡᠷ 99 ᠣᠨ ᠤ᠋ ᠡᠪᠦᠯ
ᠦᠶᠡᠷᠬᠡᠵᠦ ᠶᠠᠪᠤᠬᠤ ᠮᠥᠳᠳᠥᠬᠡᠨ ᠴᠢᠯᠥᠭᠡ ᠮᠢᠨᠢ ᠡᠬᠢᠯᠡᠭᠰᠡᠨ
ᠥᠪᠥᠷ ᠮᠣᠩᠭᠣᠯ ᠤ᠋ᠨ ᠷᠠᠳᠢᠣ᠋ ᠲᠧᠯᠸᠢᠰ ᠢ᠋
ᠨᠠᠢᠵᠠ ᠶ᠋ᠢᠨ ᠢ᠋ᠶ᠋ᠡᠨ ᠠᠯᠪᠠ ᠭᠡᠵᠦ ᠰᠠᠨᠠᠳᠠᠭ ᠴᠤ ᠪᠣᠯᠤᠭᠰᠠᠨ
ᠢᠷᠠᠭᠤᠬᠠᠨ ᠮᠣᠩᠭᠣᠯ ᠬᠣᠭᠣᠯᠠᠢ ᠪᠠᠷ ᠴᠢᠨᠢ
ᠢᠯᠭᠤᠮ ᠮᠣᠩᠭᠣᠯ ᠢ᠋ᠶ᠋ᠠᠷ ᠷᠠᠳᠢᠣ᠋ ᠲᠧᠯᠸᠢᠰ ᠶᠠᠷᠢᠳᠠᠭ ᠴᠤ ᠪᠣᠯᠤᠭᠰᠠᠨ
ᠢᠷᠠᠭᠤ ᠨᠠᠢᠷᠠᠭ ᠤ᠋ᠨ ᠮᠥᠷ ᠲᠦ᠍
ᠬᠡᠯᠡᠬᠦ ᠦᠭᠡ ᠪᠡᠨ ᠨᠢᠭᠤᠳᠠᠭ ᠴᠤ ᠪᠠᠢᠭᠰᠠᠨ
ᠶᠠᠷᠢᠭᠰᠠᠨ ᠪᠦᠬᠦᠨ ᠴᠢᠨᠢ ᠰᠣᠨᠣᠰᠬᠤᠯᠠᠩ
ᠬᠡᠯᠡᠭᠰᠡᠨ ᠪᠦᠬᠦᠨ ᠴᠢᠨᠢ ᠳᠠᠭᠤᠷᠢᠰᠬᠤᠯᠠᠩ
ᠵᠣᠷᠢᠭᠰᠠᠨ ᠪᠦᠬᠦᠨ ᠴᠢᠨᠢ ᠬᠦᠰᠡᠯᠡᠩ
ᠵᠣᠬᠢᠶᠠᠭᠰᠠᠨ ᠪᠦᠬᠦᠨ ᠴᠢᠨᠢ ᠪᠦᠲᠦᠭᠡᠯ
ᠬᠠᠢᠷ᠎ᠠ ᠲᠠᠢ ᠪᠦᠬᠦᠨ ᠡᠴᠡ ᠴᠢᠨᠢ
ᠬᠣᠷᠸ᠎ᠠ ᠴᠢᠮ᠎ᠠ ᠶ᠋ᠢ ᠲᠥᠭᠡᠷᠢᠭᠦᠯᠦᠭᠡ ᠦᠭᠡᠢ
ᠲᠣᠭᠣᠰᠣ ᠲᠠᠢ ᠪᠣᠯᠬᠣᠷ ᠨᠢ ᠬᠣᠷᠸ᠎ᠠ ᠶ᠋ᠢ
ᠲᠤᠭᠤᠯ ᠦᠭᠡᠢ ᠤᠭᠤᠷᠤᠨ ᠣᠳᠪᠠ ᠤᠤ ᠳᠠ
ᠵᠦᠭ ᠨᠢ ᠲᠠᠭᠠᠷᠠᠵᠤ
ᠵᠥᠷᠢᠭ ᠵᠠᠮ ᠢ᠋ᠶ᠋ᠠᠷ ᠪᠢᠳᠡᠨ ᠲᠦᠳᠡᠬᠡᠨ ᠬᠠᠮᠲᠤ ᠶᠠᠪᠤᠭᠰᠠᠨ
ᠵᠦᠢ ᠮᠢᠨᠢ ᠡᠪᠳᠡᠷᠡᠵᠦ
ᠮᠥᠷ ᠢ᠋ᠶ᠋ᠡᠷ ᠢ᠋ᠶ᠋ᠡᠨ ᠡᠷᠭᠢᠬᠦ ᠳ᠋ᠦ᠍ ᠴᠢ ᠮᠢᠨᠢ ᠠᠯᠠᠭ᠎ᠠ
ᠣᠷᠴᠢᠯᠠᠩ ᠭᠡᠭᠴᠢ ᠣᠭᠣᠰᠣᠷ ᠪᠦᠴᠡ ᠦᠭᠡᠢ
ᠵᠥᠷᠢᠭᠡᠳ ᠭᠠᠷᠬᠤ ᠭᠱᠠᠨ ᠳ᠋ᠤ᠌ ᠨᠢᠭᠡᠨ ᠨᠠᠢᠵᠠ ᠮᠢᠨᠢ ᠠᠯᠠᠭ᠎ᠠ
ᠵᠡᠭᠦᠳᠦᠨ ᠮᠡᠲᠦ ᠡᠯᠡᠢ ᠪᠠᠯᠠᠷ
ᠵᠦᠢᠯ ᠵᠦᠢᠯ ᠢ᠋ᠶ᠋ᠡᠷ ᠬᠥᠮᠦᠰ ᠭᠠᠰᠠᠯᠠᠩ ᠲᠠᠢ
ᠵᠦᠢᠵᠦ ᠵᠦᠢᠵᠦ ᠵᠢᠷᠦᠬᠡᠨ ᠳ᠋ᠦ᠍ ᠪᠡᠨ ᠴᠢᠮ᠎ᠠ ᠪᠠᠨ ᠴᠤᠭᠯᠠᠭᠤᠯᠵᠤ
ᠮᠥᠳᠳᠥᠬᠡᠨ ᠴᠢᠯᠥᠭᠡᠨ ᠳ᠋ᠦ᠍ ᠴᠢᠨᠢ ᠰᠡᠳᠬᠢᠯ ᠢ᠋ ᠴᠢᠨᠢ
ᠮᠡᠳᠡᠭᠴᠢ ᠪᠠᠢᠭᠰᠠᠨ ᠨᠠᠢᠵᠠ ᠴᠢᠨᠢ
ᠮᠥᠩᠬᠡ ᠶ᠋ᠢᠨ ᠵᠤᠯᠠ ᠠᠰᠠᠭᠠᠵᠤ ᠮᠥᠷᠥᠭᠡᠳᠦᠯ ᠦ᠋ᠨ ᠢ᠋ᠶ᠋ᠡᠨ ᠵᠦᠭ ᠡᠴᠢᠨ᠎ᠡ᠃
ᠦᠰᠦᠭ ᠠᠮᠢᠯᠠᠭᠤᠯᠤᠭᠴᠢ ᠣᠳᠬᠠᠨᠴᠡᠴᠢᠭ
ᠬᠢᠨᠠᠭᠴᠢ᠄ ᠨᠠᠷᠠᠨ᠂ ᠣᠳᠬᠠᠨᠰᠣ᠎ᠠ
