ᠲᠡᠮᠡᠭᠡᠨ ᠦ᠌ ᠵᠢᠷᠤᠭ - ᠵᠢᠮᠪᠠ ᠶ᠋ᠢᠨ ᠳᠠᠰᠢᠳᠣᠨᠳᠤᠭТэмээний жирүг
ᠵᠢᠮᠪᠠ ᠶ᠋ᠢᠨ ᠳᠠᠰᠢᠳᠣᠨᠳᠤᠭ
ᠬᠠᠷᠠᠨᠳᠠ ᠴᠠᠭᠠᠰᠤ ᠨᠡᠢᠯᠡᠭᠦᠯᠵᠦ ᠰᠤᠷᠤᠭᠠᠳ
ᠬᠠᠮᠤᠭ ᠤ᠋ᠨ ᠲᠦᠷᠦᠭᠦᠨ ᠳ᠋ᠦ᠍ ᠲᠡᠮᠡᠭᠡ ᠵᠢᠷᠤᠭᠠᠳ
ᠠᠬ᠎ᠠ ᠳ᠋ᠠᠭᠠᠨ ᠦᠵᠡᠭᠦᠯᠲᠡᠯᠡ ᠲᠣᠯᠣᠭᠠᠢ ᠰᠡᠭᠰᠦᠷᠴᠦ
ᠠᠷᠠᠢ ᠯᠠ ᠪᠢᠰᠢ ᠪᠠᠢᠨ᠎ᠠ ᠳᠠ ᠭᠡᠳ
《ᠮᠡᠳᠡᠳᠡᠭ ᠬᠥᠮᠦᠨ ᠳ᠋ᠦ᠍ ᠦᠵᠡᠭᠦᠯ》 ᠭᠡᠯᠡ
《ᠮᠡᠷᠭᠡᠨ ᠦᠭᠡ ᠶ᠋ᠢ ᠨᠢ ᠰᠣᠨᠣᠰ》 ᠭᠡᠯᠡ
ᠠᠩᠬᠠᠨ ᠤ᠋ ᠪᠠᠨ ᠵᠢᠷᠤᠭ ᠢ᠋ ᠪᠠᠷᠢᠭᠰᠠᠭᠠᠷ
ᠠᠢᠯ ᠤ᠋ᠨ ᠢ᠋ᠶ᠋ᠠᠨ ᠬᠠᠭᠠᠯᠭ᠎ᠠ ᠶ᠋ᠢ ᠲᠠᠲᠠᠯ᠎ᠠ
《ᠲᠡᠮᠡᠭᠡ ᠨᠢ ᠲᠡᠮᠡᠭᠡ ᠯᠡ ᠶᠤᠮᠰᠠᠨᠵᠠᠢ!
ᠲᠡᠭᠡᠬᠦ ᠳ᠋ᠡᠭᠡᠨ ᠯᠡ ᠣᠨᠳᠣᠣ ᠪᠣᠯᠤᠭᠰᠠᠨᠵᠠᠢ!
ᠰᠢᠷᠡᠭᠡ ᠪᠦᠬᠦ ᠨᠢ ᠪᠣᠰᠤᠭᠠᠳᠠᠵᠠᠢ!》
ᠰᠠᠷᠠᠨᠠᠩ ᠭᠤᠸᠠᠢ ᠢᠩᠭᠢᠵᠦ ᠵᠥᠪᠯᠡᠯᠡ᠃
ᠪᠠᠯᠠᠯᠵᠤ ᠵᠠᠰᠠᠭᠰᠠᠭᠠᠷ ᠪᠠᠢᠲᠠᠯ᠎ᠠ
ᠪᠠᠷᠤᠭ ᠪᠦᠬᠦ ᠦᠭᠡᠢ ᠪᠣᠯᠴᠢᠬᠠᠯ᠎ᠠ ᠠ᠋᠂
ᠬᠠᠷᠠᠭᠠᠳ ᠪᠠᠢᠪᠠᠯ ᠨᠢᠭᠡ ᠯᠡ ᠪᠢᠰᠢ ᠳᠡ᠂
ᠬᠠᠵᠠᠭᠤ ᠠᠢᠯ ᠳ᠋ᠠᠭᠠᠨ ᠪᠠᠰᠠ ᠯᠠ ᠣᠷᠣᠯ᠎ᠠ᠃
《ᠲᠡᠮᠡᠭᠡ ᠨᠢ ᠲᠡᠮᠡᠭᠡ ᠯᠡ ᠶᠤᠮᠰᠠᠨᠵᠠᠢ!
ᠲᠡᠭᠡᠬᠦ ᠳ᠋ᠡᠭᠡᠨ ᠯᠡ ᠣᠨᠳᠣᠣ ᠪᠣᠯᠤᠭᠰᠠᠨᠵᠠᠢ!
ᠬᠦᠵᠦᠭᠦᠦ ᠨᠢ ᠠᠷᠠᠢ ᠥᠨᠳᠥᠷᠳᠡᠵᠡᠢ!》
ᠬᠦᠷᠡᠯ ᠭᠤᠸᠠᠢ ᠢᠩᠭᠢᠵᠦ ᠵᠥᠪᠯᠡᠯᠡ᠃
ᠪᠠᠯᠠᠯᠵᠤ ᠵᠠᠰᠠᠭᠰᠠᠭᠠᠷ ᠪᠠᠢᠲᠠᠯ᠎ᠠ
ᠪᠠᠷᠤᠭ ᠬᠦᠵᠦᠭᠦᠦ ᠦᠭᠡᠢ ᠪᠣᠯᠴᠢᠬᠠᠪᠠ ᠠ᠋᠂
ᠰᠠᠢᠨ ᠠᠵᠢᠪᠠᠯ ᠨᠢᠭᠡ ᠯᠡ ᠪᠢᠰᠢ ᠳᠡ᠂
ᠰᠠᠭᠠᠬᠠᠯᠲᠠ ᠠᠢᠯ ᠳ᠋ᠠᠭᠠᠨ ᠪᠠᠰᠠ ᠯᠠ ᠣᠷᠣᠯ᠎ᠠ᠃
《ᠲᠡᠮᠡᠭᠡ ᠨᠢ ᠲᠡᠮᠡᠭᠡ ᠶᠤᠮᠰᠠᠨᠵᠠᠢ!
ᠲᠡᠭᠡᠬᠦ ᠳ᠋ᠡᠭᠡᠨ ᠯᠡ ᠣᠨᠳᠣᠣ ᠪᠣᠯᠤᠭᠰᠠᠨᠵᠠᠢ!
ᠨᠠᠷᠢᠨ ᠬᠥᠯ ᠨᠢ ᠤᠷᠲᠤᠳᠠᠵᠠᠢ!》
ᠨᠠᠴᠤᠭ ᠭᠤᠸᠠᠢ ᠢᠩᠭᠢᠵᠦ ᠵᠥᠪᠯᠡᠯᠡ᠃
ᠪᠠᠯᠠᠯᠵᠤ ᠵᠠᠰᠠᠭᠰᠠᠭᠠᠷ ᠪᠠᠢᠲᠠᠯ᠎ᠠ
ᠪᠠᠷᠤᠭ ᠬᠥᠯ ᠦᠭᠡᠢ ᠪᠣᠯᠴᠢᠬᠠᠪᠠ ᠠ᠋᠂
ᠬᠥᠷᠰᠢ ᠠᠢᠯ ᠳ᠋ᠠᠭᠠᠨ ᠬᠡᠰᠦᠨ ᠬᠡᠰᠦᠭᠰᠡᠭᠡᠷ
ᠬᠥᠮᠦᠨ ᠦ᠌ ᠦᠭᠡ ᠪᠡᠷ ᠵᠠᠰᠠᠨ ᠵᠠᠰᠠᠭᠰᠠᠭᠠᠷ
ᠠᠲᠠᠨ ᠲᠡᠮᠡᠭᠡ ᠪᠡᠨ ᠠᠳᠠᠭ ᠰᠡᠭᠦᠯ ᠳ᠋ᠦ᠍ᠨᠢ
ᠠᠬ᠎ᠠ ᠳ᠋ᠠᠭᠠᠨ ᠦᠵᠡᠭᠦᠯᠲᠡᠯᠡ ᠮᠠᠯ ᠭᠠᠢᠬᠠᠵᠤ᠄
《ᠬᠤᠪᠢᠷᠠᠭᠰᠠᠭᠠᠷ᠂ ᠬᠤᠪᠢᠷᠠᠭᠰᠠᠭᠠᠷ ᠲᠡᠮᠡᠭᠡ ᠴᠢᠨᠢ
ᠬᠤᠯᠤᠭᠠᠨ᠎ᠠ ᠪᠣᠯᠴᠢᠬᠠᠯ᠎ᠠ ᠭᠡᠵᠢ ᠤᠤ?》 ᠭᠡᠯᠡ᠃
ᠣᠯᠠᠨ ᠬᠥᠮᠦᠨ ᠦ᠌ ᠵᠥᠪᠯᠡᠯᠭᠡ ᠬᠦᠴᠦᠲᠡᠢ ᠶ᠋ᠢ
ᠣᠳᠣ ᠯᠠ ᠰᠠᠢᠨ ᠮᠡᠳᠡᠵᠦ ᠠᠪᠤᠯ᠎ᠠ᠂
ᠬᠤᠳᠠᠯ ᠭᠡᠪᠡᠯ ᠠᠲᠠᠨ ᠲᠡᠮᠡᠭᠡ ᠶ᠋ᠢ
ᠬᠤᠯᠤᠭᠠᠨ᠎ᠠ ᠪᠣᠯᠭᠠᠳᠠᠭ ᠪᠠᠢᠨ᠎ᠠ ᠰᠢᠦ᠃
1990 ᠣᠨ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠪᠠᠶᠠᠨᠴᠡᠴᠡᠭ᠂ ᠣᠳᠬᠠᠨᠰᠣ᠎ᠠ
