ᠴᠠᠰᠤ ᠰᠤᠮᠤᠨ - ᠰᠠᠮᠪᠤᠤ ᠨᠠᠳᠮᠢᠳЦас суман ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤ ᠰᠤᠮᠤᠨ - ᠰᠠᠮᠪᠤᠤ ᠨᠠᠳᠮᠢᠳЦас суман

ᠴᠠᠰᠤ ᠰᠤᠮᠤᠨ - ᠰᠠᠮᠪᠤᠤ ᠨᠠᠳᠮᠢᠳЦас суман

2024-09-06

856

      ᠰᠠᠮᠪᠤᠤ ᠨᠠᠳᠮᠢᠳ 

ᠥᠷᠯᠥᠭᠡ ᠪᠣᠰᠤᠭᠠᠳ ᠬᠠᠷᠠᠭᠰᠠᠨ ᠴᠢᠨᠢ 
ᠥᠴᠢᠨᠡᠨ ᠴᠠᠰᠤ ᠳᠠᠷᠤᠴᠢᠬᠠᠵᠠᠢ᠂ 
ᠴᠠᠢ ᠪᠠᠨ ᠴᠤ᠌ ᠤᠤᠭᠤᠯ ᠦᠭᠡᠢ ᠪᠠᠭᠠᠴᠤᠳ 
ᠴᠠᠰᠤ ᠪᠠᠷ ᠪᠠᠢᠯᠳᠤᠨ ᠲᠣᠭᠯᠠᠵᠠᠢ᠃ 

ᠬᠠᠩᠬᠤ ᠶ᠋ᠢ ᠮᠡᠳᠡᠬᠦ ᠦᠭᠡᠢ ᠨᠠᠭᠠᠳᠤᠭᠰᠠᠭᠠᠷ 
ᠬᠠᠮᠤᠭ ᠬᠤᠪᠴᠠᠰᠤ ᠪᠠᠨ ᠨᠣᠷᠭᠠᠴᠢᠬᠠᠵᠠᠢ᠂
ᠠᠪᠤ ᠡᠵᠢ ᠡᠴᠡ ᠪᠡᠨ ᠵᠣᠪᠠᠭᠠᠳ 
ᠠᠮᠠᠷᠠᠬᠤ ᠪᠠᠷ ᠴᠥᠮ ᠲᠣᠬᠢᠷᠠᠵᠠᠭᠠᠵᠠᠢ᠃

ᠦᠳᠡ ᠡᠴᠡ ᠬᠣᠢᠰᠢ ᠴᠤᠭᠯᠠᠶ᠎ᠠ ᠭᠡᠳ 
ᠦᠷᠢᠯ ᠰᠤᠮᠤ ᠨᠤᠭᠤᠳ ᠢ᠋ᠶ᠋ᠠᠨ ᠪᠡᠯᠡᠳᠬᠡᠵᠡᠭᠡᠵᠡᠢ᠂
ᠪᠠᠢᠯᠳᠤᠨ ᠲᠣᠭᠯᠠᠬᠤ ᠳ᠋ᠤ᠌ ᠠᠮᠠᠷ ᠭᠡᠳ
ᠪᠠᠭᠠᠬᠠᠨ ᠰᠤᠮᠤ ᠪᠠᠵᠠᠭᠠᠵᠠᠭᠠᠵᠠᠢ᠃

ᠤᠳᠠᠬᠤ ᠦᠭᠡᠢ ᠡᠨᠳᠡ ᠠᠭᠤᠯᠵᠠᠶ᠎ᠠ ᠭᠡᠳ
ᠤᠮᠳᠠᠭ᠎ᠠ ᠤᠤᠭᠤᠬᠤ ᠪᠠᠷ ᠭᠦᠶᠦᠵᠡᠭᠡᠵᠡᠢ᠃
ᠪᠣᠷᠣᠬᠠᠨ ᠬᠣᠳᠣᠭᠣᠳᠣ ᠪᠠᠨ ᠳᠦᠭᠦᠷᠭᠡᠭᠡᠳ
ᠪᠣᠯᠵᠣᠭᠰᠠᠨ ᠴᠠᠭ ᠲᠠᠭᠠᠨ ᠢᠷᠡᠵᠡᠭᠡᠵᠡᠢ᠃

ᠣᠷᠬᠢᠭᠰᠠᠨ ᠰᠤᠮᠤ ᠨᠢ ᠲᠡᠭᠡᠲᠡᠯ᠎ᠡ
ᠣᠷᠣ ᠦᠭᠡᠢ ᠠᠯᠠᠭ᠎ᠠ ᠪᠣᠯᠴᠢᠬᠠᠵᠠᠢ᠂
ᠬᠠᠪᠤᠷ ᠢᠷᠡᠭᠰᠡᠨ ᠶᠦᠮ ᠪᠠᠢᠬ᠎ᠠ
ᠬᠠᠢᠯᠤᠭᠠᠳ ᠮᠥᠷ ᠦᠭᠡᠢ ᠤᠷᠤᠰᠴᠢᠬᠠᠵᠠᠢ᠃

          1988 ᠣᠨ

   ᠦᠰᠦᠭ ᠠᠮᠢᠯᠠᠭᠤᠯᠤᠭᠴᠢ᠄ ᠭᠡᠷᠡᠯ
  ᠬᠢᠨᠠᠭᠴᠢ ᠪᠠᠭᠰᠢ᠄ ᠭᠠᠷᠮ᠎ᠠ᠂ ᠣᠳᠬᠠᠨᠰᠣ᠎ᠠ