ᠲᠣᠮᠣᠴᠤᠳ ᠶᠠᠭᠠᠬᠢᠭᠠᠳ ᠨᠢᠭᠤᠭᠳᠠᠵᠤ ᠲᠣᠭᠯᠠᠳᠠᠭ ᠦᠭᠡᠢ ᠶᠦᠮ ᠪᠣᠢ- ᠵᠠᠭᠳᠠ ᠶ᠋ᠢᠨ ᠲᠦᠮᠡᠨᠵᠢᠷᠭᠠᠯТомчууд яагаад нуугдаж дугладаггүй юм бэ
ᠵᠠᠭᠳᠠ ᠶ᠋ᠢᠨ ᠲᠦᠮᠡᠨᠵᠢᠷᠭᠠᠯ
ᠠᠪᠤ ᠮᠢᠨᠢ ᠡᠵᠢ ᠡᠴᠡ ᠨᠢᠭᠤᠭᠳᠠᠭᠠᠳ
ᠠᠪᠳᠠᠷ᠎ᠠ ᠶ᠋ᠢᠨ ᠠᠷᠤ ᠪᠠᠷ ᠣᠷᠣᠭᠠᠳ
ᠪᠣᠯᠤᠭᠰᠠᠨ! ᠭᠡᠵᠦ ᠬᠠᠰᠬᠢᠷᠬᠤ ᠳ᠋ᠤ᠌
ᠪᠣᠯᠳᠠᠭ ᠦᠭᠡᠢ ᠯᠡ ᠶᠦᠮ ᠪᠠᠢᠬ᠎ᠠ ᠳᠠ?
ᠲᠣᠮᠣᠴᠤᠳ ᠶᠠᠭᠠᠬᠢᠭᠠᠳ
ᠨᠢᠭᠤᠭᠳᠠᠵᠤ ᠲᠣᠭᠯᠠᠳᠠᠭ ᠦᠭᠡᠢ ᠶᠦᠮ ᠪᠣᠢ?
ᠠᠯᠢ ᠡᠰᠡᠬᠦᠯ᠎ᠡ ᠲᠡᠳᠡ ᠨᠠᠷ
ᠠᠪᠳᠠᠷ᠎ᠠ ᠶ᠋ᠢᠨ ᠬᠥᠨᠳᠡᠢ ᠳ᠋ᠦ᠍ ᠪᠠᠭᠲᠠᠬᠤ ᠦᠭᠡᠢ
ᠢᠯᠡ ᠭᠠᠷᠴᠢᠬᠠᠭᠠᠳ ᠪᠠᠢᠬᠤ ᠪᠠᠷ ᠨᠢ
ᠢᠴᠢᠭᠡᠳ ᠲᠣᠭᠯᠠᠳᠠᠭ ᠦᠭᠡᠢ ᠶᠦᠮ ᠪᠣᠯᠪᠠ ᠤᠤ?
ᠲᠣᠮᠣᠴᠤᠳ ᠶᠠᠭᠠᠬᠢᠭᠠᠳ
ᠨᠢᠭᠤᠭᠳᠠᠵᠤ ᠲᠣᠭᠯᠠᠳᠠᠭ ᠦᠭᠡᠢ ᠶᠦᠮ ᠪᠣᠢ?
ᠪᠡᠶ᠎ᠡ ᠪᠡᠶ᠎ᠡ ᠪᠡᠨ ᠬᠠᠢᠭᠠᠳ
ᠥᠪᠡᠷᠰᠡᠳ ᠢ᠋ᠶ᠋ᠡᠨ ᠲᠡᠳᠡ ᠨᠠᠭᠠᠳᠳᠠᠭ ᠪᠣᠯ
ᠪᠢᠳᠡᠨ ᠢ᠋ ᠶᠡᠬᠡ ᠲᠣᠭᠯᠠᠯ᠎ᠠ ᠭᠡᠵᠦ
ᠦᠭᠡᠯᠡᠵᠦ ᠵᠢᠮᠡᠯᠡᠬᠦ ᠦᠭᠡᠢ ᠯᠡ ᠪᠠᠢᠭᠰᠠᠨ ᠳᠠ?
ᠲᠣᠮᠣᠴᠤᠳ ᠶᠠᠭᠠᠬᠢᠭᠠᠳ ᠨᠢᠭᠤᠭᠳᠠᠵᠤ ᠲᠣᠭᠯᠠᠳᠠᠭ ᠦᠭᠡᠢ ᠶᠦᠮ ᠪᠣᠢ?
1988 ᠣᠨ
ᠦᠰᠦᠭ ᠠᠮᠢᠯᠠᠭᠤᠯᠤᠭᠴᠢ᠄ ᠪᠠᠶᠠᠨᠴᠡᠴᠡᠭ
ᠬᠢᠨᠠᠭᠴᠢ ᠪᠠᠭᠰᠢ᠄ ᠣᠳᠬᠠᠨᠰᠣ᠎ᠠ
