ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠨᠢᠭᠡ) Сэрүүхэн тал нутаг–<свис> Вальтер Босгард (Walter Bosshard)- Дөрөвдүгээр бөлөг 11 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠨᠢᠭᠡ) Сэрүүхэн тал нутаг–<свис> Вальтер Босгард (Walter Bosshard)- Дөрөвдүгээр бөлөг 11

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠᠨ ᠨᠢᠭᠡ) Сэрүүхэн тал нутаг–<свис> Вальтер Босгард (Walter Bosshard)- Дөрөвдүгээр бөлөг 11

ᠠᠩᠭᠢᠯᠠᠯ:ᠲᠤᠭᠤᠵᠢ ᠷᠣᠮᠠᠨ
2024-09-04

313

ᠠᠷᠪᠠᠨ ᠨᠢᠭᠡ ᠂ ᠨᠠᠢ᠍ᠮᠠ ᠶ᠋ᠢᠨ ᠠᠭᠤᠯᠠ ᠠ᠋ᠴᠠ ᠠᠶᠠᠷᠯᠠᠭᠰᠠᠨ ᠮᠠᠨᠢ


       ᠮᠡᠳᠡᠭᠡ ᠵᠠᠩᠭᠢ ᠭᠡᠵᠦ ᠲᠠᠯ᠎ᠠ ᠨᠤᠲᠤᠭ ᠲᠤ᠌ ᠶᠣᠰᠣᠲᠠᠢ ᠬᠤᠷᠳᠤᠨ ᠲᠠᠷᠬᠠᠳᠠᠭ ᠪᠢᠯᠡ᠃ ᠤᠲᠠᠰᠤ ᠪᠠ ᠴᠠᠬᠢᠯᠭᠠᠨ ᠪᠠᠢᠬᠤ ᠦᠭᠡᠢ ᠪᠠᠢᠳᠠᠯ ᠳᠣᠣᠷ᠎ᠠ ᠯᠠᠷᠰᠤᠨ ᠬᠦᠩ ᠨᠢᠭᠡᠨᠲᠡ ᠵᠡᠭᠦᠨ ᠡᠴᠡ ᠢᠷᠡᠵᠦ ᠶᠠᠪᠤᠭ᠎ᠠ ᠳᠡᠭᠡᠷᠡᠮᠴᠢᠳ ᠦ᠋ᠨ ᠲᠤᠬᠠᠢ ᠣᠯᠵᠤ ᠰᠣᠨᠣᠰᠪᠠ᠃ ᠡᠸᠷᠢᠺᠰᠣᠨ ᠴᠤ᠌ ᠡᠪᠡᠳᠴᠢᠨ ᠦᠵᠡᠵᠦ ᠶᠠᠪᠤᠬᠤ ᠳ᠋ᠠᠭᠠᠨ ᠠᠳᠤᠭᠤᠳ ᠠᠬᠢᠨ ᠳᠠᠬᠢᠨ ᠭᠡᠭᠡᠭᠳᠡᠵᠦ ᠪᠠᠢᠭ᠎ᠠ ᠴᠢᠮᠡᠭᠡ ᠶ᠋ᠢ ᠣᠯᠵᠠᠢ᠃ ᠲᠡᠳᠡ ᠬᠣᠶᠠᠭᠤᠯᠠ ᠪᠠᠨ ᠮᠢᠨᠦ ᠠᠮᠤᠷ ᠲᠦᠪᠰᠢᠨ ᠳ᠋ᠦ᠍ ᠬᠠᠷᠢᠭᠤᠴᠠᠬᠤ ᠡᠭᠦᠳᠡᠨ ᠡᠴᠡ ᠰᠡᠳᠬᠢᠯ ᠠᠯᠭᠠᠰᠠᠨ ᠰᠠᠨᠠᠭ᠎ᠠ ᠪᠣᠯᠵᠤ ᠂ ᠨᠢᠭᠡᠨ ᠡᠳᠦᠷ ᠯᠠᠷᠰᠤᠨ ᠬᠦᠩ ᠦ᠋ᠨ ᠵᠠᠬᠢᠶ᠎ᠠ ᠶ᠋ᠢ ᠨᠢᠭᠡ ᠬᠥᠮᠦᠨ ᠬᠦᠷᠭᠡᠵᠦ ᠢᠷᠡᠯ᠎ᠡ᠃ ᠵᠢᠯ ᠪᠦᠷᠢ ᠴᠠᠭᠠᠨ ᠬᠦᠷᠢᠶᠡᠨ ᠦ᠌ ᠰᠦᠮ᠎ᠡ ᠶ᠋ᠢᠨ ᠡᠮᠦᠨᠡᠬᠢ ᠲᠠᠯ᠎ᠠ ᠳᠡᠭᠡᠷ᠎ᠡ ᠶᠠᠪᠤᠭᠳᠠᠳᠠᠭ ᠮᠣᠷᠢᠨ ᠤᠷᠤᠯᠳᠤᠭᠠᠨ ᠳ᠋ᠤ᠌ ᠤᠷᠢᠭᠰᠠᠨ ᠨᠢ ᠮᠢᠨᠦ ᠨᠠᠢ᠍ᠮᠠ ᠶ᠋ᠢᠨ ᠠᠭᠤᠯᠠ ᠳ᠋ᠤ᠌ ᠰᠠᠢᠬᠠᠨ ᠵᠤᠰᠠᠵᠤ ᠪᠠᠢᠭ᠎ᠠ ᠶ᠋ᠢ ᠮᠡᠳᠡᠳᠡᠭ ᠪᠣᠯᠬᠣᠷ ᠡᠨᠡ ᠤᠷᠤᠯᠳᠤᠭᠠᠨ ᠳ᠋ᠠᠭᠠᠨ ᠤᠷᠢᠵᠤ ᠢᠳᠬᠠᠨ᠎ᠠ ᠭᠡᠵᠦ ᠪᠠᠢᠭ᠎ᠠ ᠠᠵᠢ᠃ ᠭᠡᠬᠦ ᠳ᠋ᠦ᠍ ᠡᠸᠷᠢᠺᠰᠣᠨ ᠤ᠋ ᠵᠠᠬᠢᠳᠠᠯ ᠪᠣᠯ ᠰᠢᠭᠤᠳ ᠲᠣᠳᠣᠷᠬᠠᠢ ᠪᠢᠴᠢᠵᠦ  《ᠠᠩᠭ᠌ᠯᠢ ᠬᠥᠮᠦᠨ ᠭᠠᠷᠷᠸᠲ ᠵᠣᠨ᠋ᠸᠰ ᠤ᠋ᠨ ᠵᠢᠯ ᠦ᠋ᠨ ᠡᠮᠦᠨ᠎ᠡ ᠮᠥᠨ ᠡᠢᠮᠦ ᠳᠡᠭᠡᠷᠡᠮᠴᠢᠳ ᠲᠦ᠍ ᠠᠯᠠᠭᠳᠠᠭᠰᠠᠨ ᠢ᠋ ᠰᠠᠨᠠᠵᠤ ᠶᠠᠪᠤᠭᠠᠷᠠᠢ ᠂ ᠲᠡᠨᠳᠡ ᠡᠴᠡ ᠪᠡᠨ ᠰᠠᠯᠵᠤ ᠪᠠᠷᠠᠭᠤᠨᠰᠢ ᠪᠠᠨ ᠬᠥᠳᠡᠯᠦᠨ ᠣᠳᠣᠬᠠᠨ ᠳ᠋ᠠᠭᠠᠨ ᠲᠠᠢᠪᠤᠩ ᠪᠠᠢᠭ᠎ᠠ ᠮᠠᠨ ᠤ᠋ ᠠᠳᠠ ᠬᠦᠷᠴᠦ ᠢᠷᠡᠭᠡᠷᠡᠢ 》 ᠭᠡᠰᠡᠨ ᠪᠠᠢᠪᠠ᠃  
       ᠢᠩᠭᠢᠵᠦ ᠴᠢᠩᠭ᠎ᠠ ᠰᠡᠷᠡᠮᠵᠢᠯᠡᠭᠦᠯᠵᠦ ᠪᠠᠢᠯ᠎ᠠ ᠴᠤ᠌ ᠭᠡᠰᠡᠨ ᠦᠵᠡᠰᠬᠦᠯᠡᠩ ᠰᠠᠢᠬᠠᠨ ᠨᠠᠢ᠍ᠮᠠ ᠶ᠋ᠢᠨ ᠠᠭᠤᠯᠠ ᠠ᠋ᠴᠠ ᠳᠣᠣᠷ᠎ᠠ ᠪᠠᠨ ᠠᠶᠠᠷᠯᠠᠬᠤ ᠰᠢᠢᠳ ᠢ᠋ ᠪᠢ ᠭᠠᠷᠭᠠᠵᠤ ᠴᠢᠳᠠᠬᠤ ᠦᠭᠡᠢ ᠪᠠᠢᠯ᠎ᠠ᠃ ᠬᠣᠶᠠᠷ ᠰᠠᠷ᠎ᠠ ᠶ᠋ᠢᠨ ᠲᠤᠷᠰᠢ ᠪᠢ ᠠᠳᠠ ᠪᠢᠳᠡᠨ ᠦ᠌ ᠠᠮᠢᠳᠤᠷᠠᠯ ᠢ᠋ ᠡᠳᠦᠷ ᠡᠴᠡ ᠡᠳᠦᠷ ᠰᠢᠬᠠᠮᠳᠠᠭᠤᠯᠵᠤ ᠪᠠᠢᠭ᠎ᠠ ᠲᠧᠭᠨᠢᠭ ᠮᠡᠷᠭᠡᠵᠢᠯ ᠦ᠋ᠨ ᠪᠦᠲᠦᠭᠡᠭᠳᠡᠬᠦᠨ ᠪᠠ ᠴᠠᠭ ᠮᠥᠴᠡ ᠶ᠋ᠢ ᠮᠢᠨᠦ᠋ᠲ ᠢ᠋ᠶ᠋ᠡᠷ ᠲᠣᠭᠠᠯᠠᠬᠤ ᠠᠮᠢᠳᠤᠷᠠᠯ ᠠ᠋ᠴᠠ ᠵᠠᠢᠳᠠᠭᠤ ᠠᠮᠢᠳᠤᠷᠠᠵᠤ ᠢᠷᠡᠪᠡ᠃ ᠠᠳᠠ ᠴᠠᠭ ᠭᠡᠵᠦ ᠠᠯᠠᠭ᠎ᠠ ᠮᠥᠷᠲᠡᠭᠡᠨ ᠠᠵᠢᠯ ᠤ᠋ᠨ ᠲᠥᠰᠥᠪ ᠭᠡᠵᠦ ᠴᠦ᠍ ᠠᠯᠠᠭ᠎ᠠ᠂  ᠬᠠᠶᠢᠭ᠋ ᠤ᠋ᠨ ᠳᠡᠪᠲᠡᠷ ᠭᠡᠵᠦ ᠦᠭᠡᠢ ᠪᠥᠭᠡᠳ ᠴᠠᠬᠢᠯᠭᠠᠨ ᠢᠯᠡᠭᠡᠬᠦ ᠥᠷᠥᠭᠡ ᠭᠡᠵᠦ ᠴᠦ᠍ ᠦᠭᠡᠢ᠃ ᠰᠥᠨᠢ ᠶ᠋ᠢᠨ ᠭᠦᠨ ᠪᠣᠯᠵᠤ ᠪᠠᠢᠯ᠎ᠠ ᠴᠤ᠌ ᠭᠡᠰᠡᠨ ᠲᠡᠷᠡ᠂ ᠬᠥᠮᠦᠨ ᠶᠠᠪᠤᠭᠤᠯᠤᠨ ᠦᠭᠡ ᠪᠣᠯᠳᠠᠭ ᠪᠢᠯᠡ᠃ ᠥᠷᠯᠥᠭᠡ ᠶ᠋ᠢᠨ ᠴᠠᠢ ᠶ᠋ᠢᠨ ᠳᠡᠭᠡᠷ᠎ᠡ ᠤᠩᠰᠢᠬᠤ ᠰᠣᠨᠢᠨ ᠦᠭᠡᠢ ᠪᠣᠯ ᠴᠠᠢ ᠶᠠᠭ ᠯᠠ ᠠᠮᠲᠠ ᠰᠢᠮᠲᠡ ᠦᠭᠡᠢ ᠰᠢᠭ ᠰᠠᠨᠠᠭᠳᠠᠳᠠᠭ ᠪᠣᠳᠣᠯ ᠠᠳᠠ ᠣᠷᠣᠵᠤ ᠥᠩᠭᠡᠷᠡᠭᠡ ᠦᠭᠡᠢ ᠂ ᠭᠠᠳᠠᠨᠠᠬᠢ ᠶᠢᠷᠲᠢᠨᠴᠦ ᠶ᠋ᠢᠨ ᠬᠡᠷᠡᠭ ᠤᠴᠢᠷ ᠨᠠᠮᠠᠶ᠋ᠢ ᠰᠠᠨᠠᠭ᠎ᠠ ᠠᠮᠤᠷ ᠦᠭᠡᠢ ᠪᠣᠯᠭᠠᠳᠠᠭ ᠪᠠᠢᠳᠠᠯ ᠴᠤ᠌ ᠬᠡᠯᠡᠯᠭᠡᠨ ᠦᠭᠡᠢ ᠪᠠᠢᠬᠤ ᠦᠭᠡᠢ ᠪᠠᠢᠪᠠ᠃ ᠹᠷᠠᠨᠼᠢ ᠤᠯᠤᠰ ᠤ᠋ᠨ ᠵᠠᠰᠠᠭ ᠤ᠋ᠨ ᠣᠷᠳᠣᠨ ᠤ᠋ ᠰᠣᠯᠢᠭᠳᠠᠯ᠂ ᠠᠩᠭ᠌ᠯᠢ ᠶ᠋ᠢᠨ ᠸᠠᠩ ᠢ᠋ ᠬᠣᠣᠷᠯᠠᠭᠰᠠᠨ᠂ ᠡᠽᠢᠦ᠋ᠫᠢᠶ᠎ᠡ ᠶ᠋ᠢ ᠡᠵᠡᠯᠡᠭᠰᠡᠨ ᠵᠢᠴᠢ ᠡᠡᠮᠧᠷᠢᠭᠡ ᠶ᠋ᠢᠨ ᠶᠡᠷᠦᠩᠬᠡᠢᠯᠡᠭᠴᠢ ᠶ᠋ᠢᠨ ᠰᠣᠩᠭᠣᠭᠤᠯᠢ ᠨᠢ ᠠᠳᠠ ᠴᠣᠬᠣᠮ ᠬᠢᠷᠢ ᠵᠡᠷᠭᠡ ᠴᠢᠬᠤᠯᠠ ᠪᠢᠯᠡ ? ᠡᠳᠡᠭᠡᠷ ᠪᠦᠬᠦᠨ ᠨᠢ ᠪᠦᠷ ᠥᠭᠡᠷ᠎ᠡ ᠶᠢᠷᠲᠢᠨᠴᠦ ᠳ᠋ᠦ᠍ ᠡᠰᠡᠬᠦᠯ᠎ᠡ ᠪᠠᠷᠤᠭ ᠥᠭᠡᠷ᠎ᠡ ᠨᠢᠭᠡ ᠣᠳᠣᠨ ᠭᠠᠷᠠᠭ ᠲᠤ᠌ ᠶᠠᠪᠤᠭᠳᠠᠵᠤ ᠪᠠᠢᠭ᠎ᠠ ᠭᠡᠵᠦ ᠬᠡᠯᠡᠵᠦ ᠪᠣᠯᠤᠨ᠎ᠠ᠃ ᠠᠯᠢ ᠨᠢᠭᠡᠨ ᠮᠣᠩᠭᠣᠯ ᠬᠥᠮᠦᠨ ᠳ᠋ᠦ᠍ ᠠᠪᠴᠤ ᠬᠡᠯᠡᠭᠰᠡᠨ ᠴᠦ᠍ ᠡᠭᠦᠨ ᠢ ᠮᠡᠳᠡᠬᠦ ᠬᠥᠮᠦᠨ ᠠᠯᠠᠭ᠎ᠠ᠃ 
       ᠡᠢᠮᠦᠷᠬᠦᠦ ᠨᠢᠭᠡᠨ ᠶᠢᠷᠲᠢᠨᠴᠦ ᠡᠴᠡ ᠲᠤᠰᠠᠭᠠᠷᠯᠠᠭᠳᠠᠭᠰᠠᠨ ᠠᠮᠤᠭᠤᠯᠠᠩ ᠣᠷᠣᠨ ᠳ᠋ᠤ᠌ ᠨᠢᠭᠡᠨ ᠡᠳᠦᠷ ᠤᠷᠤᠰᠤᠮ᠎ᠠ ᠰᠠᠢᠬᠠᠨ ᠭᠧᠷᠮᠠᠨ ᠬᠡᠯᠡ ᠲᠡᠢ ᠨᠢᠭᠡ ᠯᠠᠮᠠ ( ᠵᠢᠷᠤᠭ 100 ) ᠢᠷᠡᠭᠡᠳ ᠨᠠᠮᠠᠶ᠋ᠢ ᠶᠣᠰᠣᠲᠠᠢ ᠭᠠᠢᠬᠠᠰᠢ ᠠᠯᠳᠠᠭᠤᠯᠤᠭᠰᠠᠨ ᠪᠢᠯᠡ᠃ ᠶᠡᠬᠡ ᠲᠡᠢᠨ ᠦ᠌ ᠡᠮᠦᠨ᠎ᠡ ( ᠳᠡᠯᠡᠬᠡᠢ ᠶ᠋ᠢᠨ ᠠᠩᠬᠠᠳᠤᠭᠠᠷ ᠲᠡᠢᠨ ) ᠲᠡᠷᠡ ᠪᠠᠭ᠎ᠠ ᠬᠡᠦᠬᠡᠳ ᠪᠠᠢᠵᠤ᠂ ᠮᠣᠩᠭᠣᠯ ᠢ᠋ᠶ᠋ᠠᠷ ᠣᠯᠠᠨ ᠤᠳᠠᠭ᠎ᠠ ᠠᠶᠠᠯᠠᠨ ᠵᠤᠭᠠᠴᠠᠭᠰᠠᠨ ᠭᠧᠷᠮᠠᠨ ᠤ᠋ ᠭᠠᠳᠠᠭᠠᠳᠤ ᠬᠠᠷᠢᠯᠴᠠᠭᠠᠨ ᠤ᠋ ᠨᠣᠶᠠᠨ ᠳ᠋ᠤ᠌ ᠦᠢᠯᠡᠴᠢᠯᠡᠵᠦ ᠪᠠᠢᠵᠠᠢ᠃ ᠲᠡᠷᠡ ᠭᠧᠷᠮᠠᠨ ᠡᠨᠡ ᠬᠦ᠌ ᠵᠠᠯᠠᠭᠤᠬᠠᠨ ᠮᠣᠩᠭᠣᠯ ᠤ᠋ᠨ ᠴᠣᠪᠣᠭᠣ ᠰᠡᠷᠭᠦᠯᠡᠩ ᠢ ᠪᠠᠬᠠᠷᠬᠠᠵᠤ᠂ ᠧᠦ᠋ᠷᠣᠫᠠ ᠳ᠋ᠠᠭᠠᠨ ᠳᠠᠭᠠᠭᠤᠯᠵᠤ ᠠᠪᠠᠴᠢᠭᠠᠳ ᠪᠧᠷᠯᠢᠨ ᠳ᠋ᠦ᠍ ᠳᠥᠷᠪᠡᠨ ᠵᠢᠯ ᠰᠤᠷᠭᠠᠭᠤᠯᠢ ᠳ᠋ᠤ᠌ ᠣᠷᠣᠭᠤᠯᠤᠨ ᠰᠤᠷᠤᠯᠴᠠᠭᠤᠯᠵᠠᠢ᠃ 
       - ᠲᠠ ᠲᠡᠨᠳᠡ ᠡᠴᠡ ᠪᠤᠴᠠᠵᠤ ᠢᠷᠡᠭᠡᠳ ᠠᠳᠡᠬᠢ ᠬᠥᠮᠦᠰ ᠲᠡᠭᠡᠨ ᠯᠠᠪᠲᠠᠢ ᠲᠣᠮᠣ ᠬᠣᠲᠠ ᠪᠣᠯᠤᠨ ᠲᠡᠨᠳᠡᠬᠢ ᠰᠣᠨᠢᠨ ᠭᠠᠢᠬᠠᠯᠲᠠᠢ ᠵᠦᠢᠯᠡᠰ ᠢ᠋ ᠶᠠᠷᠢᠵᠤ ᠥᠭᠭᠦᠭᠰᠡᠨ ᠪᠠᠢᠬ᠎ᠠ ᠭᠡᠵᠦ ᠨᠠᠮᠠᠶ᠋ᠢ ᠶᠠᠷᠢᠬᠤ ᠳ᠋ᠤ᠌ ᠲᠡᠷᠡ ᠬᠠᠳᠠᠭᠠᠨᠠᠲᠠᠯ᠎ᠠ ᠢᠨᠢᠶᠡᠭᠡᠳ : 
       - ᠪᠢ ᠬᠠᠷᠢᠨ ᠲᠡᠭᠡᠬᠦ ᠦᠭᠡᠢ ᠰᠢᠦ᠃ ᠤᠴᠢᠷ ᠨᠢ ᠬᠡᠷᠪᠡ ᠪᠢ ᠭᠠᠵᠠᠷ ᠳᠡᠭᠡᠷᠡᠬᠢ ᠳᠣᠣᠷᠠᠬᠢ ᠴᠠᠬᠢᠯᠭᠠᠨ ᠲᠡᠷᠭᠡ᠂ ᠮᠦᠽᠧᠢ ᠪᠠ ᠬᠡᠢᠲᠦ ᠨᠢᠰᠬᠦ ᠣᠩᠭᠣᠴᠠᠨ ᠤ᠋ ᠲᠤᠬᠠᠢ ᠶᠠᠷᠢᠭᠰᠠᠨ ᠶᠤᠮ ᠪᠣᠯ ᠬᠡᠨ ᠴᠦ᠍ ᠨᠠᠮᠠᠶ᠋ᠢ ᠢᠲᠡᠭᠡᠬᠦ ᠦᠭᠡᠢ᠃ ᠪᠢ ᠴᠦ᠍ ᠦᠯᠡᠳᠡᠭᠰᠡᠨ ᠨᠠᠰᠤ ᠪᠠᠨ ᠬᠤᠳᠠᠯᠴᠢ ᠨᠡᠷ᠎ᠡ ᠲᠡᠢ ᠥᠩᠭᠡᠷᠡᠭᠡᠬᠦ ᠳᠤᠷ᠎ᠠ ᠦᠭᠡᠢ ᠰᠢᠦ ᠳᠡ ᠭᠡᠯ᠎ᠡ᠃ 
       ᠨᠢᠭᠡ ᠮᠣᠩᠭᠣᠯ ᠮᠠᠷᠺᠣ ᠫᠣᠯᠣ ᠪᠠᠢᠨ᠎ᠠ ᠭᠡᠵᠦ ᠨᠠᠳᠠ ᠳ᠋ᠤ᠌ ᠡᠷᠬᠡ ᠦᠭᠡᠢ ᠰᠠᠨᠠᠭᠳᠠᠪᠠ᠃ ᠭᠡᠬᠦ ᠳ᠋ᠦ᠍ ᠡᠨᠡ ᠮᠠᠷᠺᠣ ᠫᠣᠯᠣ ᠪᠣᠯ ᠲᠣᠪ ᠳᠤᠭᠤᠢ ᠮᠠᠷᠺᠣ ᠫᠣᠯᠣ᠃ ᠤᠷᠢᠳᠤ ᠮᠠᠷᠺᠣ ᠫᠣᠯᠣ ᠶ᠋ᠢ ᠨᠤᠲᠤᠭ ᠲᠠᠭᠠᠨ ᠪᠤᠴᠠᠭᠠᠳ ᠮᠣᠩᠭᠣᠯ ᠬᠠᠭᠠᠳ ᠤ᠋ᠨ ᠥᠨᠢᠷ ᠪᠠᠶᠠᠯᠢᠭ ᠢ᠋ ᠶᠠᠷᠢᠬᠤ ᠦᠶ᠎ᠡ ᠳ᠋ᠦ᠍ ᠸᠢᠨᠢᠽᠢᠢ᠎ᠡ ᠶ᠋ᠢᠨ ᠬᠥᠮᠦᠰ ᠲᠡᠭᠦᠨ ᠢ᠋ 《ᠰᠠᠶᠠᠲᠠᠨ 》ᠭᠡᠮᠡᠨ ᠱᠣᠭᠯᠠᠵᠤ ᠪᠠᠢᠯ᠎ᠠ ᠭᠡᠳᠡᠭ᠃ ᠬᠡᠷᠪᠡ ᠲᠡᠷᠡ ᠬᠡᠳᠦᠨ ᠮᠢᠩᠭᠠᠨ ᠬᠥᠮᠦᠨ ᠪᠤᠶᠤ ᠲᠡᠭᠦᠨ ᠡᠴᠡ ᠢᠯᠡᠭᠦᠦ ᠬᠥᠮᠦᠨ ᠠᠮᠢᠳᠤᠷᠠᠬᠤ ᠥᠨᠳᠥᠷ ᠠᠰᠠᠷ᠂ ᠤᠰᠤᠨ ᠤ᠋ ᠬᠣᠭᠣᠯᠠᠢ ᠠ᠋ᠴᠠ ᠤᠰᠤ ᠤᠤᠭᠤᠬᠤ ᠪᠠ ᠰᠢᠲᠠᠮᠠᠬᠠᠢ ᠬᠡᠢ ᠪᠡᠷ ᠬᠣᠭᠣᠯᠠ ᠬᠢᠵᠦ ᠢᠳᠡᠳᠡᠭ ᠭᠡᠮᠡᠨ ᠶᠠᠷᠢᠭᠰᠠᠨ ᠪᠣᠯ ᠮᠣᠩᠭᠣᠯᠴᠤᠳ ᠲᠡᠭᠦᠨ ᠳ᠋ᠦ᠍ ᠶᠠᠮᠠᠷ ᠬᠣᠴᠢ ᠴᠣᠯᠠ ᠥᠭᠳᠡᠭ ᠪᠣᠯ ? ᠡᠳᠡᠭᠡᠷ ᠰᠢᠨ᠎ᠡ ᠪᠡᠷ ᠢᠯᠡᠷᠡᠭᠦᠯᠦᠭᠰᠡᠨ ᠪᠦᠬᠦ ᠪᠦᠲᠦᠭᠡᠭᠳᠡᠬᠦᠨ ᠨᠢ ᠲᠠᠯ᠎ᠠ ᠨᠤᠲᠤᠭ ᠤ᠋ᠨ ᠬᠥᠪᠡᠭᠦᠳ ᠲᠦ᠍ ᠠᠪᠴᠤ ᠬᠡᠯᠡᠪᠡᠯ ᠨᠢᠭᠤᠴᠠᠭᠠᠢ ᠵᠦᠢᠯᠡᠰ ᠪᠤᠶᠤ ᠠᠳᠠ ᠣᠷᠣᠰᠢᠭᠰᠠᠨ ᠵᠦᠢᠯᠡᠰ ᠪᠣᠯᠤᠨ᠎ᠠ᠃ ᠨᠠᠮᠠᠶ᠋ᠢ ᠳᠠᠭᠤᠤ ᠶ᠋ᠢᠨ ᠮᠠᠰᠢᠨ ᠢ᠋ᠶ᠋ᠠᠨ ᠳᠠᠭᠤᠯᠠᠭᠤᠯᠬᠤ ᠦᠶ᠎ᠡ ᠳ᠋ᠦ᠍ ᠬᠥᠭᠰᠢᠴᠦᠦᠯ ᠲᠠᠩᠳᠠ ᠪᠠᠨ ᠠᠮᠠ ᠬᠠᠮᠠᠷ ᠢ᠋ᠶ᠋ᠠᠨ ᠪᠦᠲᠡᠭᠡᠳᠡᠭ ᠨᠢ ᠳᠠᠭᠤᠤ ᠰᠢᠩᠭᠡᠭᠡᠯᠲᠡ ᠶ᠋ᠢᠨ ᠮᠠᠰᠢᠨ ᠳ᠋ᠤ᠌ ᠪᠠᠢᠭ᠎ᠠ ᠠᠳᠠ ᠴᠢᠳᠬᠥᠷ ᠭᠠᠷᠴᠤ ᠢᠷᠡᠭᠡᠳ ᠠᠮᠠ ᠬᠠᠮᠠᠷ ᠤ᠋ᠨ ᠨᠦᠬᠡ ᠪᠡᠷ ᠨᠢ ᠣᠷᠣᠴᠢᠬᠠᠬᠤ ᠠ᠋ᠴᠠ ᠠᠶᠤᠵᠤ ᠪᠠᠢᠭ᠎ᠠ ᠠᠵᠢ᠃ ᠡᠷᠡᠴᠦᠦᠯ ᠨᠢ ᠲᠡᠳᠡᠨ ᠢ᠋ ᠪᠣᠳᠣᠪᠠᠯ ᠵᠣᠷᠢᠭ ᠲᠠᠢ ᠪᠠᠢᠵᠤ᠂ ᠬᠡᠳᠦ ᠬᠡᠳᠦᠨ ᠴᠠᠭ ᠢ᠋ᠶ᠋ᠠᠷ ᠰᠢᠨ᠎ᠡ ᠴᠠᠭ ᠤ᠋ᠨ ᠳᠠᠭᠤᠤ ᠬᠥᠭᠵᠢᠮ ᠰᠣᠨᠣᠰᠴᠤ ᠪᠠᠢᠳᠠᠭ᠃ ᠡᠭᠦᠨ ᠳ᠋ᠦ᠍ ᠡᠷᠲᠡᠨ ᠤ ᠳᠠᠭᠤᠤ ᠬᠥᠭᠵᠢᠮ ᠦ᠋ᠨ ᠳᠣᠲᠣᠷᠠᠬᠢ ᠯᠢᠰᠲ ᠦ᠋ᠨ ᠳᠠᠭᠤᠤ ᠬᠥᠭᠵᠢᠮ ᠳ᠋ᠦ᠍ ᠬᠠᠮᠤᠭ ᠤ᠋ᠨ ᠳᠤᠷ᠎ᠠ ᠪᠠᠬ᠎ᠠ ᠲᠠᠢ ᠪᠠᠢᠵᠠᠭᠠᠵᠤ ᠲᠡᠭᠦᠨ ᠤ ᠳᠠᠭᠤᠤ ᠬᠥᠭᠵᠢᠮ ᠯᠡ ᠲᠠᠯ᠎ᠠ ᠨᠤᠲᠤᠭ ᠲᠤ᠌ ᠠᠮᠢᠳᠤᠷᠠᠨ ᠤᠶᠠᠩᠭᠠᠯᠠᠵᠤ ᠪᠠᠢᠳᠠᠭ᠃ ᠪᠸᠲ᠋ᡁᠣ᠌ᠹᠸᠨ ᠤ᠋ ᠳᠠᠭᠤᠤ ᠬᠥᠭᠵᠢᠮ ᠢ᠋ ᠲᠡᠳᠡ ᠤᠳᠬ᠎ᠠ ᠦᠭᠡᠢ ᠬᠡᠮᠡᠵᠦ ᠪᠠᠢᠳᠠᠭ᠃ 
       ᠪᠢ ᠲᠠᠩᠳᠠ ᠪᠠᠨ ᠳᠠᠭᠤᠤ ᠰᠢᠩᠭᠡᠭᠡᠯᠲᠡ ᠶ᠋ᠢᠨ ᠮᠠᠰᠢᠨ ᠢ᠋ᠶ᠋ᠠᠨ ᠠᠪᠴᠤ ᠵᠢᠵᠢᠭᠬᠡᠨ ᠲᠣᠯᠣᠭᠠᠢ ᠳᠡᠭᠡᠷ᠎ᠡ ᠲᠠᠯᠪᠢᠭᠠᠳ ᠥᠪᠡᠷ ᠢ᠋ᠶ᠋ᠡᠨ ᠲᠡᠨᠳᠡ ᠡᠴᠡ ᠬᠣᠯᠠ ᠣᠴᠢᠵᠤ ᠰᠠᠭᠤᠳᠠᠭ ᠶᠤᠮ᠃ ᠶᠠᠮᠠᠷ ᠨᠢᠭᠡᠨ ᠡᠷᠬᠢᠮᠰᠦᠭ ᠭᠣᠶᠣ ᠬᠥᠭᠵᠢᠮ ᠦ᠋ᠨ ᠲᠢᠩᠬᠢᠮ ᠭᠡᠳ ᠡᠨᠡ ᠬᠦ᠌ ᠴᠠᠪ ᠴᠡᠪᠡᠷᠬᠡᠨ ᠠᠮᠢᠰᠬᠤᠯ ᠲᠠᠢ ᠂ ᠨᠠᠷᠠᠨ ᠤ᠋ ᠳᠣᠣᠷ᠎ᠠ ᠂ ᠰᠠᠯᠬᠢᠨ ᠤ᠋ ᠠᠶᠠᠰ ᠢ᠋ᠶ᠋ᠠᠷ ᠡᠪᠡᠰᠦ ᠴᠡᠴᠡᠭ ᠦ᠋ᠨ ᠦᠨᠦᠷ ᠥᠨᠥᠰᠳᠦᠭᠰᠡᠨ ᠬᠥᠭᠵᠢᠮ ᠦ᠋ᠨ ᠲᠢᠩᠬᠢᠮ ᠳ᠋ᠦ᠍ ᠶᠠᠭᠠᠬᠢᠵᠤ ᠬᠦᠷᠬᠦ ᠪᠢᠯᠡ ᠳᠠ᠃ ᠠᠳᠡᠬᠢ ᠰᠠᠯᠬᠢᠨ ᠂ ᠡᠭᠦᠯᠡ ᠂ ᠰᠢᠪᠠᠭᠤᠳ ᠂ ᠴᠡᠴᠡᠭ ᠦ᠋ᠳ ᠬᠠᠮᠲᠤ ᠳ᠋ᠠᠭᠠᠨ ᠬᠥᠭᠵᠢᠮᠳᠡᠨ ᠳᠠᠭᠤᠯᠠᠭᠰᠠᠨ ᠤᠤᠭᠠᠯ ᠪᠠᠢᠭᠠᠯᠢ ᠶ᠋ᠢᠨ ᠳᠤᠮᠳᠠ ᠪᠢ ᠨᠢᠭᠡ ᠨᠠᠰᠤᠨ ᠤ᠋ ᠪᠠᠨ ᠮᠠᠷᠲᠠᠭᠳᠠᠰᠢ ᠦᠭᠡᠢ ᠬᠠᠮᠤᠭ ᠤ᠋ᠨ ᠭᠣᠶᠣ ᠺᠣᠨᠼᠧᠷᠲ ᠦ᠋ᠳ ᠢ ᠰᠣᠨᠣᠰᠴᠤ ᠪᠠᠢᠭᠰᠠᠨ ᠶᠤᠮ᠃ 
       ᠡᠳᠡᠭᠡᠷ ᠪᠦᠬᠦᠨ ᠨᠢᠭᠡ ᠯᠡ ᠮᠡᠳᠡᠬᠦ ᠳ᠋ᠦ᠍ ᠴᠥᠮ ᠲᠡᠦᠬᠡ ᠪᠣᠯᠤᠨ ᠬᠣᠴᠣᠷᠴᠤ᠂ ᠨᠠᠮᠠᠶ᠋ᠢ ᠳᠤᠲᠠᠭᠠᠵᠤ ᠭᠠᠷᠴᠤ ᠢᠷᠡᠭᠰᠡᠨ ᠭᠠᠵᠠᠷ ᠤᠷᠤᠭᠤ ᠨᠢ ᠭᠡᠨᠡᠳᠲᠡ ᠯᠡ ᠪᠤᠴᠠᠭᠤᠯᠤᠨ ᠰᠢᠲᠠᠨ ᠶᠠᠪᠤᠭᠤᠯᠬᠤ ᠪᠣᠯᠵᠠᠢ᠃ ᠨᠢᠭᠡᠨ ᠦᠳᠡᠰᠢ ᠰᠠᠷᠠ ᠶᠡᠬᠡ ᠳᠡᠭᠡᠷ᠎ᠡ ᠳᠡᠭᠳᠡᠨ ᠭᠠᠷᠤᠭᠰᠠᠨ ᠤ᠋ ᠬᠣᠢᠨ᠎ᠠ ᠲᠠᠯ᠎ᠠ ᠳᠡᠭᠡᠭᠦᠷ ᠬᠣᠶᠠᠷ ᠵᠤᠷᠪᠤᠰ ᠨᠢᠳᠦ ᠭᠢᠯᠠᠰᠤᠮ᠎ᠠ ᠭᠡᠷᠡᠯ ᠲᠤᠯᠠᠰᠤᠨ ᠭᠠᠷᠴᠤ ᠢᠷᠡᠪᠡ᠃ ᠡᠸᠷᠢᠺᠰᠣᠨ ᠮᠠᠰᠢᠨ ᠲᠠᠢ ᠪᠠᠨ ᠬᠦᠷᠴᠦ ᠢᠷᠡᠭᠡᠳ ᠨᠢᠭᠡ ᠪᠠᠭᠯᠠᠭ᠎ᠠ ᠵᠠᠬᠢᠳᠠᠯ᠂ ᠰᠣᠨᠢᠨ ᠵᠢᠴᠢ ᠰᠢᠤᠳᠠᠨ ᠤ᠋ ᠢᠯᠡᠭᠡᠯᠲᠡ ᠠᠪᠴᠢᠷᠠᠵᠤ ᠥᠭᠪᠡ᠃ ᠲᠡᠷᠡᠬᠡᠨ ᠬᠣᠭᠣᠷᠣᠨᠳᠣ ᠠᠬᠢᠭᠠᠳ ᠯᠠ ᠲᠠᠯ᠎ᠠ ᠨᠤᠲᠤᠭ ᠤ᠋ᠨ ᠴᠠᠭᠠᠳᠤᠬᠢ ᠪᠤᠶᠤ ᠳᠠᠯᠠᠢ ᠶ᠋ᠢᠨ ᠴᠠᠭᠠᠳᠤᠬᠢ ᠲᠣᠮᠣ ᠶᠢᠷᠲᠢᠨᠴᠦ ᠶ᠋ᠢ ᠮᠡᠳᠡᠭᠡᠯᠡᠵᠦ ᠡᠬᠢᠯᠡᠯ᠎ᠡ᠃ 
       - ᠴᠢᠭᠤᠯᠤᠯᠲᠤ ᠬᠠᠭᠠᠯᠭ᠎ᠠ ᠬᠦᠷᠬᠦ ᠵᠠᠮ ᠢ᠋ ᠬᠠᠷᠢ ᠶ᠋ᠢᠨ ᠬᠥᠮᠦᠨ ᠶᠠᠪᠤᠭᠤᠯᠬᠤ ᠦᠭᠡᠢ ᠪᠣᠯᠭᠠᠭᠰᠠᠨ ᠪᠥᠭᠡᠳ ᠪᠢᠳᠡ ᠣᠳᠣ ᠵᠠᠪᠠᠯ ᠵᠠᠪᠰᠠᠷ ᠲᠤ᠌ ᠪᠠᠢᠭ᠎ᠠ ᠵᠠᠰᠠᠭ ᠤ᠋ᠨ ᠭᠠᠵᠠᠷ ᠠ᠋ᠴᠠ ᠰᠢᠨ᠎ᠡ ᠭᠡᠷᠡᠴᠢ ᠲᠡᠮᠳᠡᠭ ᠬᠢᠯᠭᠡᠨ ᠠᠪᠬᠤ ᠬᠡᠷᠡᠭᠲᠡᠢ ᠪᠣᠯᠪᠠ᠃ ᠪᠠᠲᠤᠬᠠᠭᠠᠯᠭ᠎ᠠ ᠳ᠋ᠤ᠌ ᠪᠠᠢᠭ᠎ᠠ ᠠᠮᠧᠷᠢᠺᠠ ᠶ᠋ᠢᠨ ᠱᠠᠰᠢᠨ ᠳᠡᠯᠭᠡᠷᠡᠭᠦᠯᠦᠭᠴᠢ ᠭᠥᠨᠽᠸᠯ ᠢ᠋ ᠶᠠᠫᠣᠨᠴᠤᠳ ᠡᠮᠴᠢ ᠪᠣᠯᠭᠠᠨ ᠲᠣᠮᠢᠯᠠᠭᠠᠳ ᠲᠡᠭᠦᠨ ᠢ ᠰᠠᠬᠢᠨ ᠮᠠᠨᠠᠵᠤ᠂ ᠭᠠᠳᠠᠭᠰᠢ ᠭᠠᠷᠤᠭᠰᠠᠨ ᠬᠣᠢᠭᠤᠷ ᠨᠢ ᠭᠡᠷ ᠢ ᠨᠢ ᠨᠡᠩᠵᠢᠨ ᠪᠠᠢᠴᠠᠭᠠᠵᠤ᠂ ᠬᠠᠷᠢᠨ ᠪᠠᠰᠠ ᠨᠢᠭᠡ ᠤᠳᠠᠭ᠎ᠠ ᠠᠮᠧᠷᠢᠺᠠ ᠳ᠋ᠤ᠌ ᠬᠢᠯᠭᠡᠭᠰᠡᠨ ᠤᠷᠤᠭ ᠤ᠋ᠨ ᠪᠠᠲᠤᠯᠠᠪᠤᠷᠢ ᠶ᠋ᠢ ᠨᠢ ᠪᠠᠢᠴᠠᠭᠠᠵᠤ ᠦᠵᠡᠨ᠎ᠡ ᠭᠡᠵᠦ ᠠᠭᠠᠰᠢᠯᠠᠭᠰᠠᠨ ᠶᠤᠮ᠃ ᠲᠡᠭᠦᠨ ᠲᠡᠢ ᠬᠥᠮᠦᠨ ᠠᠭᠤᠯᠵᠠᠬᠤ ᠶ᠋ᠢ ᠬᠣᠷᠢᠭᠯᠠᠵᠤ ᠪᠣᠢ ᠪᠥᠭᠡᠳ ᠪᠢᠳᠡᠨ ᠦ᠌ ᠠᠪᠴᠤ ᠶᠠᠪᠤᠵᠤ ᠪᠠᠢᠭ᠎ᠠ ᠪᠠᠷᠠᠭᠠᠨ ᠠ᠋ᠴᠠ ᠥᠨᠳᠥᠷ ᠭᠠᠢᠯᠢ ᠲᠠᠲᠠᠪᠤᠷᠢ ᠬᠤᠷᠢᠶᠠᠬᠤ ᠪᠣᠯᠪᠠ᠃ ᠴᠡᠷᠢᠭ ᠠᠩᠭᠢ ᠵᠣᠭᠰᠣᠯ ᠦᠭᠡᠢ ᠨᠡᠮᠡᠭᠳᠡᠨ᠂ ᠬᠥᠮᠦᠰ ᠪᠦᠷ ᠯᠡ ᠵᠠᠢᠯᠠᠰᠢ ᠦᠭᠡᠢ ᠡᠭᠦᠰᠬᠦ ᠲᠡᠢᠨ ᠦ᠌ ᠲᠤᠬᠠᠢ ᠶᠠᠷᠢᠯᠴᠠᠵᠠᠭᠠᠬᠤ ᠪᠣᠯᠪᠠ ᠭᠡᠮᠡᠨ ᠡᠸᠷᠢᠺᠰᠣᠨ ᠶᠠᠷᠢᠯ᠎ᠠ᠃ 
       ᠡᠸᠷᠢᠺᠰᠣᠨ ᠡᠨᠡ ᠤᠳᠠᠭ᠎ᠠ ᠨᠠᠮᠠᠶ᠋ᠢ ᠠᠪᠴᠤ ᠶᠠᠪᠤᠬᠤ ᠪᠠᠷ ᠢᠷᠡᠭᠰᠡᠨ ᠪᠥᠭᠡᠳ ᠲᠡᠷᠡ ᠪᠠᠰᠠ ᠴᠠᠭᠠᠰᠢ ᠨᠢ ᠳᠣᠢᠩ ᠳ᠋ᠤ᠌ ᠪᠠᠢᠭ᠎ᠠ ᠵᠠᠯᠠᠭᠤ ᠱᠠᠰᠢᠨ ᠰᠤᠷᠲᠠᠯᠴᠢᠯᠠᠭᠴᠢ ᠲᠠᠢ ᠠᠭᠤᠯᠵᠠᠬᠤ ᠬᠡᠷᠡᠭ ᠲᠡᠢ ᠶᠠᠪᠤᠭ᠎ᠠ ᠪᠣᠯᠬᠣᠷ ᠨᠠᠮᠠᠶ᠋ᠢ ᠪᠤᠴᠠᠯᠭᠠᠨ ᠳ᠋ᠠᠭᠠᠨ ᠠᠪᠬᠤ ᠪᠠᠷ ᠪᠣᠯᠵᠣᠵᠤ᠂ ᠪᠤᠴᠠᠬᠤ ᠡᠳᠦᠷ ᠬᠤᠭᠤᠴᠠᠭ᠎ᠠ ᠮᠢᠨᠢ ᠪᠠᠰᠠ ᠨᠢᠭᠡ ᠤᠳᠠᠭ᠎ᠠ ᠬᠣᠢᠰᠢᠯᠠᠭᠳᠠᠪᠠ᠃ ᠪᠢ ᠨᠠᠢ᠍ᠮᠠ ᠶ᠋ᠢᠨ ᠠᠭᠤᠯᠠ ᠠ᠋ᠴᠠ ᠮᠠᠰᠢᠨ ᠳᠡᠭᠡᠷ᠎ᠡ ᠡᠴᠡ ᠰᠠᠯᠬᠤ ᠶᠣᠰᠣ ᠬᠢᠶ᠎ᠡ ᠭᠡᠵᠦ ᠶᠠᠭ ᠪᠣᠳᠣᠬᠤ ᠦᠭᠡᠢ᠂ ᠬᠠᠷᠢᠨ ᠮᠣᠷᠢ ᠪᠠᠷ ᠲᠠᠯ᠎ᠠ ᠨᠤᠲᠤᠭ ᠳᠡᠭᠡᠭᠦᠷ ᠳᠣᠪᠲᠣᠯᠤᠨ ᠠᠳᠡᠬᠢ ᠭᠣᠶᠣ ᠰᠠᠢᠬᠠᠨ ᠪᠦᠬᠦᠨ ᠢ᠋ ᠠᠮᠢᠳᠤᠷᠠᠯ ᠳ᠋ᠠᠭᠠᠨ ᠰᠢᠩᠭᠡᠬᠡᠨ ᠠᠪᠬᠤ ᠶ᠋ᠢ ᠬᠦᠰᠡᠨ ᠪᠠᠢᠪᠠ᠃ 
       ᠰᠥᠨᠢᠵᠢᠨ ᠤᠨᠲᠠᠭ᠎ᠠ ᠦᠭᠡ ᠪᠡᠷ ᠲᠣᠭᠠᠯᠠᠰᠢ ᠦᠭᠡᠢ ᠣᠯᠠᠨ ᠵᠠᠬᠢᠳᠠᠯ᠂ ᠰᠣᠨᠢᠨ ᠢ᠋ ᠤᠩᠰᠢᠭᠰᠠᠨ ᠪᠥᠭᠡᠳ ᠡᠳᠡᠭᠡᠷ ᠨᠢ ᠨᠠᠮᠠᠶ᠋ᠢ ᠠᠬᠢᠭᠠᠳ ᠯᠠ ᠮᠠᠷᠲᠠᠬᠤ ᠰᠢᠬᠠᠭᠰᠠᠨ ᠣᠨᠳᠣᠣ ᠶᠢᠷᠲᠢᠨᠴᠦ ᠳ᠋ᠦ᠍ ᠲᠡᠳᠡᠨ ᠠᠪᠠᠴᠢᠪᠠ᠃ 
       ᠲᠣᠯᠣᠭᠠᠢ ᠳᠦᠢᠷᠡᠭᠦᠯᠦᠭᠰᠡᠨ ᠣᠯᠠᠨ ᠮᠡᠳᠡᠭᠡ ᠤᠩᠰᠢᠨ ᠪᠠᠢᠭᠰᠠᠭᠠᠷ 1936 ᠣᠨ ᠤ᠋ ᠵᠢᠷᠭᠤᠳᠤᠭᠠᠷ ᠰᠠᠷ᠎ᠠ ᠶ᠋ᠢᠨ ᠬᠣᠶᠠᠷ ᠤ᠋ᠨ ᠨᠢᠭᠡ ᠮᠡᠳᠡᠭᠡ ᠶ᠋ᠢ ᠤᠩᠰᠢᠯ᠎ᠠ᠃ ᠲᠡᠭᠦᠨ ᠳ᠋ᠡᠭᠡᠨ 《ᠪᠠᠲᠤᠬᠠᠭᠠᠯᠭ᠎ᠠ ᠳ᠋ᠤ᠌ ᠪᠠᠢᠭ᠎ᠠ ᠮᠣᠩᠭᠣᠯ ᠤ᠋ᠨ ᠵᠠᠰᠠᠭ ᠤ᠋ᠨ ᠣᠷᠳᠣᠨ ᠤ᠋ ᠳᠡᠳ᠋ ᠲᠡᠷᠢᠭᠦᠯᠦᠭᠴᠢ ᠲᠡᠮᠴᠦᠭᠲᠦᠩᠷᠣᠪ ᠨᠣᠶᠠᠨ ᠴᠠᠬᠢᠯᠭᠠᠨ ᠢ᠋ᠶ᠋ᠠᠷ ᠴᠤᠤᠷᠬᠠᠯ ᠳᠡᠭᠳᠡᠭᠡᠵᠦ᠂ ᠵᠠᠪᠰᠠᠷ ᠲᠤ᠌ ᠲᠤᠰᠠᠭᠠᠷ ᠲᠣᠭᠲᠠᠨᠢᠭᠰᠠᠨ ᠵᠠᠰᠠᠭ ᠤ᠋ᠨ ᠭᠠᠵᠠᠷ ᠪᠠᠢᠭᠤᠯᠤᠭᠰᠠᠨ ᠪᠥᠭᠡᠳ ᠥᠪᠡᠷ ᠦ᠋ᠨ ᠴᠡᠷᠢᠭ ᠠᠩᠭᠢ ᠶ᠋ᠢ ᠪᠠᠢᠭᠤᠯᠪᠠ᠃ ᠲᠡᠷᠡ ᠨᠡᠨᠵᠢᠩ ᠦ᠋ᠨ ᠵᠠᠰᠠᠭ ᠤ᠋ᠨ ᠭᠠᠵᠠᠷ ᠲᠤ᠌ ᠴᠠᠭ ᠦᠷᠭᠦᠯᠵᠢ ᠰᠢᠳᠤᠷᠭᠤ ᠪᠠᠢᠬᠤ ᠪᠠᠨ ᠪᠠᠲᠤᠯᠠᠪᠠ 》ᠭᠡᠵᠦ ᠪᠠᠢᠪᠠ᠃ 
       ᠮᠠᠷᠭᠠᠰᠢ ᠶ᠋ᠢᠨ ᠬᠢᠨᠢ ᠥᠷᠯᠥᠭᠡ ᠪᠢ ᠨᠣᠢᠷᠮᠤᠭ ᠨᠢᠳᠦ ᠲᠡᠢ ᠪᠡᠷ ᠡᠸᠷᠢᠺᠰᠦᠨ ᠳ᠋ᠦ᠍ ᠲᠡᠷᠡ ᠮᠡᠳᠡᠭᠡ ᠶ᠋ᠢ ᠬᠠᠷᠠᠭᠤᠯᠬᠤ ᠳ᠋ᠤ᠌ ᠲᠡᠷᠡ : 
       - ᠡᠨᠡ ᠲᠤᠬᠠᠢ ᠳᠡᠮᠴᠦᠭᠳᠦᠩᠷᠣᠪ ᠨᠣᠶᠠᠨ ᠶᠠᠭᠤ ᠴᠤ᠌ ᠮᠡᠳᠡᠬᠦ ᠦᠭᠡᠢ ᠶᠠᠪᠤᠭ᠎ᠠ ᠪᠠᠢᠭ᠎ᠠ ᠳᠠ᠂ ᠡᠢᠮᠦ ᠮᠡᠳᠡᠭᠡ ᠨᠦ᠍ᠭᠦᠳ ᠪᠣᠯ ᠵᠥᠪᠬᠡᠨ ᠲᠡᠭᠦᠨ ᠦ᠌ ᠵᠥᠪᠯᠡᠭᠴᠢ ᠨᠠᠷ ᠠ᠋ᠴᠠ ᠨᠢ ᠯᠡ ᠭᠠᠷᠳᠠᠭ ᠶᠤᠮ ᠭᠡᠵᠦ ᠬᠡᠯᠡᠯ᠎ᠡ᠃
       ᠪᠤᠴᠠᠬᠤ ᠡᠳᠦᠷ ᠢ᠋ᠶ᠋ᠡᠨ ᠨᠢᠭᠡ ᠭᠠᠷᠠᠭ ᠬᠣᠢᠰᠢᠯᠠᠭᠤᠯᠤᠭᠰᠠᠨ ᠪᠣᠯᠪᠠᠴᠤ ᠲᠡᠷᠡ ᠡᠳᠦᠷ ᠨᠢ ᠡᠴᠦᠰ ᠲᠡᠭᠡᠨ ᠮᠥᠨ ᠯᠡ ᠬᠦᠷᠴᠦ ᠢᠷᠡᠯ᠎ᠡ᠃ ᠪᠦᠬᠦ ᠵᠦᠢᠯᠡᠰ ᠢ᠋ ᠢᠰᠡᠭᠡᠢ ᠵᠡᠷᠭᠡ ᠳ᠋ᠦ᠍ ᠪᠠᠭᠯᠠᠨ᠂ ᠬᠠᠨ᠎ᠠ ᠣᠨᠢ ᠶ᠋ᠢ ᠪᠠᠭᠤᠯᠭᠠᠨ ᠦᠬᠡᠷ ᠲᠡᠷᠭᠡᠨ ᠳ᠋ᠦ᠍ ᠠᠴᠢᠶᠠᠯᠠᠪᠠ᠃ 
       ᠥᠨᠥᠳᠥᠷ ᠦ᠋ᠨ ᠲᠡᠭᠷᠢ ᠭᠡᠵᠦ ᠪᠤᠳᠠᠩ ᠲᠠᠢ ᠪᠥᠭᠡᠳ ᠴᠢᠭᠢᠭ ᠲᠠᠲᠠᠭᠰᠠᠨ ᠡᠳᠦᠷ ( ᠵᠢᠷᠤᠭ 112 ) ᠪᠠᠢᠪᠠ᠃ ᠵᠢᠩᠷᠤᠪ ᠪᠣᠯᠤᠨ ᠬᠥᠷᠰᠢ ᠵᠡᠷᠭᠡᠯᠡᠳᠡᠭᠡ ᠶ᠋ᠢᠨ ᠬᠡᠦᠬᠡᠳ ᠦ᠋ᠳ ᠲᠠᠯ᠎ᠠ ᠠ᠋ᠴᠠ ᠰᠠᠢᠬᠠᠨ ᠴᠡᠴᠡᠭ ᠲᠡᠭᠦᠵᠦ ᠠᠪᠴᠢᠷᠠᠨ ᠨᠠᠳᠠ ᠳ᠋ᠤ᠌ ᠬᠦᠷᠭᠡᠵᠦ᠂ ᠭᠣᠮᠪᠣ ᠂ ᠨᠠᠢᠳᠠᠨ ᠂ ᠴᠡᠭᠠᠨᠲᠠᠮᠡᠭᠡ ᠨᠠᠷ ᠮᠢᠨᠦ ᠠᠪᠳᠠᠷ᠎ᠠ ᠴᠦᠩᠬᠦ ᠶ᠋ᠢ ᠲᠡᠷᠭᠡᠨ ᠳᠡᠭᠡᠷ᠎ᠡ ᠠᠴᠢᠶᠠᠯᠠᠵᠤ ᠥᠭᠭᠦᠭᠡᠳ ᠪᠣᠷᠣᠭᠠᠨ ᠳ᠋ᠤ᠌ ᠨᠣᠷᠭᠠᠬᠤ ᠦᠭᠡᠢ ᠶ᠋ᠢᠨ ᠲᠤᠯᠠᠳᠠ ᠢᠰᠡᠭᠡᠢ ᠪᠡᠷ ᠪᠦᠲᠡᠭᠡᠪᠡ᠃ ᠷᠠᠰᠢ ᠬᠠᠵᠠᠭᠤ ᠳ᠋ᠤ᠌ ᠵᠣᠭᠰᠣᠨ ᠠᠴᠢᠶᠠᠯᠠᠬᠤ ᠶ᠋ᠢ ᠬᠠᠷᠠᠵᠤ ᠪᠠᠢᠪᠠ᠃ ᠮᠢᠨᠦ ᠠᠴᠢᠶ᠎ᠠ ᠲᠠᠢ ᠲᠡᠷᠭᠡ ᠬᠥᠳᠡᠯᠦᠨ ᠶᠠᠪᠤᠭᠰᠠᠨ ᠤ᠋ ᠳᠠᠷᠠᠭ᠎ᠠ ᠰᠠᠷᠵᠢ ᠪᠣᠯᠤᠨ ᠠᠯᠲᠠᠨᠴᠡᠴᠡᠭ ᠮᠣᠷᠢ ᠪᠠᠷ ᠬᠦᠷᠴᠦ ᠢᠷᠡᠪᠡ᠃
       ᠲᠡᠳᠡ ᠨᠠᠳᠠ ᠳ᠋ᠤ᠌ ᠵᠠᠮ ᠤ᠋ᠨ ᠬᠦᠨᠡᠰᠦ ᠭᠡᠵᠦ ᠨᠢᠭᠡ ᠬᠡᠰᠡᠭ ᠬᠤᠷᠤᠳ ᠠᠪᠴᠢᠷᠠᠵᠤ ᠥᠭᠪᠡ ᠃  ᠲᠡᠳᠡ ᠨᠠᠮᠠᠶ᠋ᠢ ᠲᠠᠯ᠎ᠠ ᠶ᠋ᠢᠨ ᠭᠦᠨ ᠳ᠋ᠦ᠍ ᠬᠦᠷᠲᠡᠯ᠎ᠡ ᠦᠳᠡᠨ ᠬᠦᠷᠭᠡᠭᠰᠡᠨ ᠢ᠋ᠶ᠋ᠡᠨ ᠰᠠᠷᠵᠢ ᠠᠯᠲᠠᠨᠴᠡᠴᠡᠭ ᠬᠣᠶᠠᠷ ᠬᠣᠢᠰᠢ ᠪᠠᠨ ᠪᠤᠴᠠᠬᠤ ᠪᠣᠯᠪᠠ ᠃ ᠬᠠᠮᠤᠭ ᠤ᠋ᠨ ᠰᠡᠭᠦᠯ ᠦ᠋ᠨ ᠤᠳᠠᠭ᠎ᠠ ᠲᠡᠳᠡᠨ ᠦ᠌ ᠨᠥᠬᠥᠷᠰᠡᠭ ᠵᠥᠭᠡᠯᠡᠨ ᠢ᠋ᠶ᠋ᠡᠷ 《ᠠᠮᠤᠷᠬᠠᠨ ᠰᠠᠢᠨ ! 》ᠭᠡᠵᠦ ᠬᠡᠯᠡᠬᠦ ᠶ᠋ᠢ ᠣᠯᠵᠤ ᠰᠣᠨᠣᠰᠤᠭᠠᠳ ᠪᠢ ᠴᠦ᠍ :
       -  ᠠᠮᠤᠷᠬᠠᠨ ᠰᠠᠢᠨ! ᠠᠮᠤᠷᠬᠠᠨ ᠰᠠᠢᠨ ! ᠭᠡᠵᠦ ᠬᠠᠷᠢᠭᠤᠯᠤᠯ᠎ᠠ᠃ 
       ᠪᠢ ᠲᠡᠳᠡᠨ ᠲᠡᠢ ᠴᠣᠭ ᠮᠢᠨᠦ ᠠᠮᠢᠳᠤᠷᠠᠯ ᠳ᠋ᠠᠬᠢ ᠬᠠᠮᠤᠭ ᠤ᠋ᠨ ᠰᠠᠢᠬᠠᠨ ᠵᠤᠨ ᠤ᠋ ᠴᠠᠭ ᠤ᠋ᠨ ᠢ᠋ᠶ᠋ᠠᠨ ᠨᠢᠭᠡ ᠬᠡᠰᠡᠭ ᠢ᠋ ᠥᠩᠭᠡᠷᠡᠭᠡᠭᠰᠡᠨ ᠶᠦᠮ᠃ ᠥᠭᠡᠷ᠎ᠡ ᠤᠭᠰᠠᠭᠠᠲᠠᠨ᠂ ᠠᠳᠠᠯᠢ ᠦᠭᠡᠢ ᠱᠠᠰᠢᠨ ᠰᠢᠲᠦᠯᠭᠡ ᠲᠡᠢ ᠨᠠᠮᠠᠶ᠋ᠢ ᠲᠡᠳᠡ ᠨᠥᠬᠥᠷᠰᠡᠭ ᠢ᠋ᠶ᠋ᠡᠷ ᠬᠦᠯᠢᠶᠡᠨ ᠠᠪᠴᠤ᠂ ᠨᠠᠳᠠ ᠳ᠋ᠤ᠌ ᠲᠡᠳᠡᠨ ᠦ᠌ ᠬᠠᠨᠤᠮᠵᠢᠲᠠᠢ ᠰᠠᠢᠬᠠᠨ ᠠᠮᠢᠳᠤᠷᠠᠯ ᠢ᠋ᠶ᠋ᠠᠨ ᠬᠠᠷᠠᠭᠤᠯᠤᠭᠰᠠᠨ ᠪᠢᠯᠡ᠃ ᠡᠳᠦᠭᠡ ᠪᠣᠯᠬᠤ ᠳ᠋ᠤ᠌ ᠲᠡᠷᠡ ᠪᠦᠬᠦᠨ ᠨᠢᠭᠡ ᠯᠡ ᠳᠡᠭᠡᠷ᠎ᠡ ᠥᠩᠭᠡᠷᠡᠨ ᠤᠳᠤᠭᠠᠳ᠂ ᠶᠠᠭ ᠯᠠ ᠵᠡᠭᠦᠳᠦ ᠵᠡᠷᠭᠡᠯᠭᠡᠨ ᠮᠡᠲᠦ ᠪᠣᠯᠤᠭᠰᠠᠨ ᠠᠵᠢ᠃ ᠮᠠᠷᠭᠠᠰᠢ ᠭᠡᠬᠦ ᠳ᠋ᠦ᠍ ᠮᠢᠨᠦ ᠠᠭᠤᠵᠢᠮ ᠪᠠᠭᠲᠠᠭᠠᠮᠵᠢᠲᠠᠢ ᠮᠥᠷᠲᠡᠭᠡᠨ ᠰᠠᠢᠨ ᠪᠠᠭᠰᠢ ᠷᠠᠰᠢ ᠴᠤ᠌ ᠪᠤᠴᠠᠬᠤ ᠪᠣᠯᠤᠨ᠎ᠠ ᠳᠠ᠃ 
       - ᠪᠢᠳᠡ ᠲᠡᠭᠡᠭᠡᠳ ᠠᠬᠢᠭᠠᠳ ᠠᠭᠤᠯᠵᠠᠬᠤ ᠪᠣᠯᠪᠠ ᠤᠤ ? ᠭᠡᠵᠦ ᠤᠳᠠᠭᠠᠨ ᠳᠤᠭᠤᠢ ᠶᠠᠪᠤᠭᠰᠠᠨ ᠤ᠋ ᠳᠠᠷᠠᠭ᠎ᠠ ᠪᠢ ᠠᠰᠠᠭᠤᠪᠠ᠃ 
       - ᠴᠢ ᠯᠠᠪ ᠪᠤᠴᠠᠵᠤ ᠢᠷᠡᠨ᠎ᠡ ᠠ᠋ ᠂ ᠠᠬᠠᠮᠠᠳ ᠯᠠᠮᠠ ᠶ᠋ᠢᠨ ᠠᠢᠯᠠᠳᠤᠭᠰᠠᠨ ᠢ᠋ ᠰᠠᠨᠠᠵᠤ ᠶᠠᠪᠤᠭᠠᠷᠠᠢ! 
       ᠡᠭᠦᠯᠡᠰ ᠠᠭᠠᠵᠢᠮ ᠢ᠋ᠶ᠋ᠠᠷ ᠨᠡᠭᠦᠳᠡᠯᠯᠡᠨ ᠬᠥᠳᠡᠯᠵᠦ᠂ ᠪᠠᠷᠠᠭᠤᠨ ᠵᠦᠭ ᠲᠦ᠍ ᠴᠠᠢᠷᠲᠤ ᠶ᠋ᠢᠨ ᠰᠦᠮ᠎ᠡ ᠶ᠋ᠢᠨ ᠲᠡᠨᠳᠡ ᠨᠢᠭᠡᠨ ᠵᠤᠷᠪᠤᠰ ᠨᠠᠷᠠᠨ ᠤ᠋ ᠭᠡᠷᠡᠯ ᠲᠣᠰᠴᠤ᠂ ᠰᠦᠮ᠎ᠡ ᠶ᠋ᠢᠨ ᠠᠯᠲᠠᠨ ᠰᠢᠷᠭᠠᠯ ᠣᠷᠣᠢ ᠨᠢ ᠭᠢᠯᠠᠯᠵᠠᠨ ᠬᠠᠷᠠᠭᠳᠠᠨ᠎ᠠ᠃ ᠬᠠᠮᠤᠭ ᠤ᠋ᠨ ᠰᠡᠭᠦᠯᠴᠢ ᠶ᠋ᠢᠨ ᠤᠳᠠᠭ᠎ᠠ ᠨᠠᠢ᠍ᠮᠠ ᠶ᠋ᠢᠨ ᠠᠭᠤᠯᠠ ᠥᠭᠡᠳᠡ ᠪᠠᠷᠠᠯᠠᠨ ᠬᠠᠷᠠᠭᠠᠳ᠂ ᠡᠨᠡ ᠬᠦ᠌ ᠦᠵᠡᠰᠬᠦᠯᠡᠩᠲᠦ ᠰᠠᠢᠬᠠᠨ ᠨᠤᠲᠤᠭ ᠲᠠᠢ ᠰᠠᠯᠬᠤ ᠶᠣᠰᠣ ᠭᠦᠢᠴᠡᠳᠬᠡᠪᠡ᠃ 
       ᠪᠢᠳᠡ ᠠᠩᠬᠠᠨ ᠤ᠋ ᠲᠡᠷᠭᠡᠨ ᠳ᠋ᠡᠭᠡᠨ ᠰᠢᠷ᠎ᠠ ᠳᠠᠯᠪᠠᠭ᠎ᠠ ᠬᠡᠢᠰᠬᠡᠭᠰᠡᠨ ᠨᠢᠭᠡ ᠴᠥᠷᠬᠡ ᠦᠬᠡᠷ ᠲᠡᠷᠭᠡ ᠨᠦ᠍ᠭᠦᠳ ᠢ᠋ ᠬᠥᠭᠡᠭᠡᠨ ᠭᠦᠢᠴᠡᠪᠡ᠃ ᠪᠣᠮᠪᠣᠭᠣᠷ ᠣᠷᠣᠢ ᠲᠠᠢ ᠲᠡᠷᠭᠡᠨ ᠳᠣᠲᠣᠷ᠎ᠠ ᠡᠪᠦᠭᠡᠳ᠂ ᠪᠦᠰᠡᠭᠦᠢᠴᠦᠦᠯ ᠪᠠ ᠬᠡᠦᠬᠡᠳ ᠰᠠᠭᠤᠯᠴᠠᠵᠠᠢ᠃ 
       - ᠤᠲᠠᠢ ᠳ᠋ᠤ᠌ ᠮᠥᠷᠭᠥᠯ ᠳ᠋ᠦ᠍ ᠶᠠᠪᠤᠭᠰᠠᠨ ᠮᠥᠷᠭᠥᠯᠴᠢᠳ ᠪᠠᠢᠨ᠎ᠠ ᠭᠡᠵᠦ ᠷᠠᠰᠢ ᠨᠠᠳᠠ ᠳ᠋ᠤ᠌ ᠶᠠᠷᠢᠭᠠᠳ ᠲᠡᠳᠡᠨ ᠦ᠌ ᠨᠤᠲᠤᠭ ᠢ᠋ ᠠᠰᠠᠭᠤᠯ᠎ᠠ᠃ 
       - ᠳᠠᠯᠠᠢ ᠨᠠᠭᠤᠷ ᠠ᠋ᠴᠠ ᠢᠷᠡᠵᠦ ᠶᠠᠪᠤᠨ᠎ᠠ᠃ ᠠᠳᠠ ᠠ᠋ᠴᠠ ᠶᠡᠬᠡ ᠵᠡᠭᠦᠨᠲᠡᠢ ! ᠭᠡᠵᠦ ᠬᠠᠷᠢᠭᠤᠯᠪᠠ᠃ 
       - ᠲᠠ ᠨᠠᠷ ᠭᠠᠷᠴᠤ ᠢᠷᠡᠭᠡᠳ ᠬᠡᠳᠦᠢ ᠤᠳᠠᠵᠤ ᠪᠠᠢᠨ᠎ᠠ ᠪᠣᠢ ? ᠭᠡᠵᠦ ᠨᠠᠮᠠᠶ᠋ᠢ ᠠᠰᠠᠭᠤᠬᠤ ᠳ᠋ᠤ᠌ : 
       - ᠳᠥᠴᠢ ᠬᠣᠨᠣᠯ᠎ᠠ ᠭᠡᠵᠦ ᠬᠠᠷᠢᠭᠤᠯᠤᠯ᠎ᠠ᠃ 
       ᠶᠣᠰᠣᠲᠠᠢ ᠵᠢᠷᠭᠠᠯᠲᠠᠢ ᠤᠭᠰᠠᠭᠠᠲᠠᠨ ᠳᠠ᠂ ᠡᠳᠡ ᠪᠠᠰᠠ ᠪᠠᠢᠭᠠᠯᠢ ᠰᠢᠲᠦᠬᠦ ᠤᠤᠭᠠᠯ ᠰᠦᠰᠦᠭ ᠢ᠋ᠶ᠋ᠡᠨ ᠬᠠᠶᠠᠭ᠎ᠠ ᠦᠭᠡᠢ ᠪᠠᠢᠭᠰᠠᠭᠠᠷ ᠭᠡᠵᠦ ᠪᠢ ᠳᠣᠲᠣᠷ᠎ᠠ ᠪᠠᠨ ᠪᠣᠳᠣᠪᠠ᠃ ᠭᠦᠯᠦ ᠴᠠᠭᠠᠨ ᠳ᠋ᠠᠬᠢ ᠱᠠᠰᠢᠨ ᠰᠤᠷᠲᠠᠯᠴᠢᠯᠠᠭᠴᠢ ᠶ᠋ᠢᠨ ᠥᠷᠲᠡᠭᠡᠨ ᠦ᠌ ᠲᠡᠮᠦᠷ ᠳᠡᠭᠡᠪᠦᠷ ᠨᠠᠷᠠᠨ ᠳ᠋ᠤ᠌ ᠭᠢᠯᠠᠯᠵᠠᠨ ᠬᠠᠷᠠᠭᠳᠠᠪᠠ᠃ ᠰᠠᠢᠬᠠᠨ ᠴᠡᠪᠡᠷᠯᠡᠭᠰᠡᠨ ᠴᠡᠴᠡᠷᠯᠢᠭ ᠦ᠋ᠨ ᠬᠦᠷᠢᠶᠡᠨ ᠳ᠋ᠡᠬᠢ ᠮᠠᠭᠤᠬᠠᠢ ᠱᠤᠭᠤᠭᠰᠠᠨ ᠴᠣᠬᠣᠢ ᠶ᠋ᠢᠨ ᠱᠤᠭᠤᠮᠠᠯ ᠵᠡᠷᠭᠡ ᠨᠢ ᠨᠠᠳᠠ ᠳ᠋ᠤ᠌ ᠶᠣᠰᠣᠲᠠᠢ ᠵᠢᠭᠰᠢᠭᠦᠷᠢᠲᠡᠢ ᠬᠠᠷᠠᠭᠳᠠᠵᠤ ᠪᠠᠢᠭᠰᠠᠨ ᠴᠤ᠌ ᠲᠡᠨᠳᠡ ᠠᠮᠢᠳᠤᠷᠠᠵᠤ ᠪᠠᠢᠭᠰᠠᠨ ᠬᠥᠮᠦᠰ ᠨᠢ ᠬᠠᠷᠢᠨ ᠨᠠᠮᠠᠶ᠋ᠢ ᠬᠠᠯᠠᠭᠤᠮᠰᠤᠭ ᠢ᠋ᠶ᠋ᠠᠷ ᠤᠭᠲᠤᠵᠤ ᠠᠪᠤᠯ᠎ᠠ᠃ ᠬᠡᠨ ᠴᠦ᠍ ᠭᠡᠰᠡᠨ ᠬᠡᠷᠪᠡ ᠡᠢᠮᠦᠷᠬᠦᠦ ᠪᠣᠢᠳᠠ ᠪᠥᠭᠯᠡᠭᠦᠦ ᠭᠠᠵᠠᠷ ᠲᠤ᠌ ᠠᠮᠢᠳᠤᠷᠠᠵᠤ ᠪᠠᠢᠳᠠᠭ ᠯᠠ ᠶᠤᠮ ᠪᠣᠯ ᠵᠣᠴᠢᠨ ᠢᠷᠡᠬᠦ ᠪᠣᠯᠭᠠᠨ ᠪᠠᠶᠠᠷᠯᠠᠵᠤ ᠪᠠᠢᠬᠤ ᠯᠠ ᠪᠣᠯᠤᠨ᠎ᠠ᠃ 
       ᠦᠳᠡᠰᠢ ᠶ᠋ᠢᠨ ᠬᠥᠰᠢᠭᠡ ᠲᠠᠯ᠎ᠠ ᠨᠤᠲᠤᠭ ᠢ᠋ ᠠᠯᠭᠤᠷᠬᠠᠨ ᠪᠦᠲᠡᠭᠡᠵᠦ ᠪᠠᠢᠬᠤ ᠳ᠋ᠤ᠌ ᠪᠢ ᠴᠢᠯᠠᠭᠤᠳ ᠤ᠋ᠨ ᠳᠤᠮᠳᠠ ᠪᠠᠨ ᠣᠩᠭᠣᠨ ᠤ᠋ ᠭᠠᠵᠠᠷ ᠪᠦᠬᠦᠢ ᠨᠢᠭᠡᠨ ᠲᠣᠯᠣᠭᠠᠢ ᠳᠡᠭᠡᠷ᠎ᠡ ᠭᠠᠷᠤᠯ᠎ᠠ᠃ ᠠᠳᠠ ᠭᠤᠷᠪᠠᠨ ᠰᠸᠸᠳ᠋ᠸᠨ ᠥᠨᠢ ᠮᠥᠩᠬᠡ ᠨᠣᠢᠷᠰᠤᠵᠤ ᠪᠠᠢᠭ᠎ᠠ᠂ ᠬᠣᠶᠠᠷ ᠡᠷᠡᠭᠲᠡᠢ ᠪᠣᠯᠤᠨ ᠨᠢᠭᠡ ᠡᠮᠡᠭᠲᠡᠢ᠃ ᠮᠣᠩᠭᠣᠯᠴᠤᠳ ᠬᠡᠳᠦᠢᠪᠡᠷ ᠲᠡᠳᠡᠨ ᠦ᠌ ᠱᠠᠰᠢᠨ ᠢ᠋ ᠲᠡᠢᠮᠦ ᠰᠠᠢᠨ ᠣᠢᠯᠠᠭᠠᠨ ᠵᠥᠪᠰᠢᠶᠡᠷᠡᠳᠡᠭ ᠦᠭᠡᠢ ᠪᠣᠯᠪᠠᠴᠤ ᠡᠳᠡ ᠭᠤᠷᠪᠠ ᠮᠥᠨ ᠲᠡᠳᠡᠨ ᠳ᠋ᠦ᠍ ᠵᠢᠩᠬᠢᠨᠢ ᠬᠠᠢᠷ᠎ᠠ ᠲᠠᠢ ᠪᠠᠢᠬᠤ ᠪᠠ ᠴᠢᠩ ᠦᠨᠡᠨᠴᠢ ᠪᠡᠷ ᠬᠠᠨᠳᠤᠵᠤ ᠪᠠᠢᠬᠤ ᠪᠠᠨ ᠪᠠᠲᠤᠯᠠᠭᠰᠠᠭᠠᠷ ᠢᠷᠡᠪᠡ᠃

        ᠵᠢᠷᠤᠭ99  ᠭᠥᠯᠦ ᠴᠠᠭᠠᠨ᠎᠎ ᠳ᠋ᠦ᠍ ᠬᠦᠷᠬᠦ ᠵᠠᠮ᠎ ᠳ᠋ᠦ᠍ ᠲᠠᠭᠠᠷᠠᠯᠳᠤᠭᠰᠠᠨ ᠣᠪᠣᠭ᠎ᠠ
        ᠭᠦᠯᠦ ᠴᠠᠭᠠᠨ ( ᠵᠢᠷᠤᠭ 99 ) ᠶ᠋ᠢ ᠮᠣᠩᠭᠣᠯᠴᠤᠳ ᠬᠠᠷᠢᠶᠠᠯ ᠰᠢᠩᠭᠡᠭᠰᠡᠨ ᠮᠠᠭᠤᠬᠠᠢ ᠭᠠᠵᠠᠷ ᠢ᠋ᠶ᠋ᠠᠷ ᠦᠵᠡᠳᠡᠭ᠃ ᠡᠨᠳᠡ ᠠᠳᠠ ᠴᠢᠳᠬᠥᠷ ᠰᠦᠷᠦᠭᠯᠡᠨ ᠪᠣᠢ ᠪᠥᠭᠡᠳ ᠬᠥᠮᠦᠨ ᠮᠠᠯ ᠳ᠋ᠤ᠌ ᠭᠠᠢ ᠭᠠᠮᠰᠢᠭ ᠤᠴᠠᠷᠠᠭᠤᠯᠵᠤ ᠪᠠᠢᠭ᠎ᠠ ᠭᠡᠮᠡᠨ ᠢᠲᠡᠭᠡᠨ᠎ᠡ᠃ ᠶᠠᠭ ᠡᠢᠮᠦ ᠪᠠᠢᠭᠰᠠᠨ ᠠ᠋ᠴᠠ ᠠᠲᠡᠬᠢ ᠰᠦᠮ᠎ᠡ ᠶ᠋ᠢᠨ ᠯᠠᠮᠠ ᠨᠠᠷ ᠨᠢᠭᠡᠨ ᠡᠳᠦᠷ ᠰᠦᠮ᠎ᠡ ᠪᠡᠨ ᠪᠠᠭᠤᠯᠭᠠᠵᠤ᠂ ᠪᠠᠢᠳᠠᠭ ᠴᠢᠯᠠᠭᠤ ᠲᠣᠭᠣᠰᠬ᠎ᠠ᠂ ᠣᠨᠢ ᠨᠢᠷᠤᠭᠤ ᠪᠠᠨ ᠵᠢᠴᠢ ᠰᠦᠮ᠎ᠡ ᠳᠣᠲᠣᠷ᠎ᠠ ᠪᠠᠢᠭᠰᠠᠨ ᠪᠤᠷᠬᠠᠨ ᠤ᠋ ᠬᠥᠷᠥᠭ᠂ ᠬᠡᠩᠭᠡᠷᠭᠡ ᠴᠠᠩ ᠂ ᠪᠦᠷᠢᠶ᠎ᠡ ᠪᠢᠰᠬᠢᠭᠦᠷ ᠲᠡᠢ ᠪᠡᠨ ᠪᠦᠭᠦᠳᠡ ᠶ᠋ᠢ ᠠᠳᠠ ᠠ᠋ᠴᠠ ᠠᠷᠪᠠᠨ ᠭᠠᠵᠠᠷ ᠬᠣᠯᠠ ᠪᠠᠢᠭ᠎ᠠ ᠬᠤᠲᠤᠭᠲᠤ ᠬᠤᠪᠢᠯᠭᠠᠨ ᠤ᠋ ᠵᠢᠭᠠᠭᠰᠠᠨ ᠥᠯᠵᠡᠢ ᠲᠡᠢ ᠭᠠᠵᠠᠷ ᠲᠤ᠌ ᠵᠥᠭᠡᠭᠡᠨ ᠠᠪᠠᠴᠢᠭᠠᠳ᠂ ᠲᠡᠨᠳᠡ ᠰᠢᠨ᠎ᠡ ᠪᠡᠷ ᠪᠠᠷᠢᠨ ᠪᠤᠰᠬᠠᠵᠠᠢ᠃ ᠲᠡᠨᠳᠡ ᠪᠡᠨ ᠮᠣᠩᠭᠣᠯᠴᠤᠳ ᠪᠤᠷᠬᠠᠳ ᠲᠠᠭᠠᠨ ᠲᠠᠬᠢᠯ ᠡᠷᠭᠦᠭᠡᠳ᠂ ᠠᠳᠠ ᠴᠢᠳᠬᠥᠷ ᠦ᠋ᠨ ᠬᠣᠣᠷᠯᠠᠯ ᠠ᠋ᠴᠠ ᠵᠠᠢᠯᠠᠵᠤ ᠴᠢᠳᠠᠭᠰᠠᠨ ᠠᠵᠢ᠃
       ᠰᠸᠸᠳ᠋ᠸᠨ ᠦ᠌ ᠱᠠᠰᠢᠨ ᠰᠤᠷᠲᠠᠯᠴᠢᠯᠠᠭᠴᠢ ᠨᠠᠷ ᠥᠪᠡᠷ ᠢ᠋ ᠪᠡᠨ ᠵᠢᠩᠬᠢᠨᠢ ᠬᠤᠷᠮᠤᠰᠲᠠ ᠲᠡᠭᠷᠢ ᠶ᠋ᠢᠨ ᠱᠠᠪᠢ ᠨᠠᠷ ᠭᠡᠮᠡᠨ ᠢᠲᠡᠭᠡᠳᠡᠭ ᠪᠣᠯᠬᠣᠷ ᠾᠷᠢᠰᠲ᠋ᠣᠰ ᠤ᠋ᠨ ᠱᠠᠰᠢᠨ ᠪᠣᠯ ᠯᠠᠮᠠ ᠶ᠋ᠢᠨ ᠱᠠᠰᠢᠨᠲᠠᠨ ᠤ᠋ ᠠᠯᠢ ᠨᠢᠭᠡᠨ ᠠᠳᠠ ᠴᠢᠳᠬᠥᠷ ᠡᠴᠡ ᠴᠦ᠍ ᠢᠯᠡᠭᠦᠦ ᠬᠦᠴᠦᠨ ᠴᠢᠳᠠᠯ ᠲᠠᠢ ᠭᠡᠳᠡᠭ ᠢ᠋ᠶ᠋ᠡᠨ ᠮᠣᠩᠭᠣᠯᠴᠤᠳ ᠲᠤ᠌ ᠦᠵᠡᠭᠦᠯᠬᠦ ᠶ᠋ᠢᠨ ᠲᠤᠰᠠᠳᠠ ᠬᠠᠶᠠᠵᠤ ᠶᠠᠪᠤᠭᠰᠠᠨ ᠡᠪᠳᠡᠷᠬᠡᠢ ᠰᠦᠮ᠎ᠡ ᠶ᠋ᠢᠨ ᠪᠠᠭᠤᠷᠢ ᠶ᠋ᠢ ᠡᠪᠯᠡᠭᠦᠯᠦᠨ ᠵᠠᠰᠠᠵᠤ᠂ ᠥᠪᠡᠷ ᠦ᠋ᠨ ᠱᠠᠰᠢᠨ ᠳᠡᠯᠭᠡᠷᠡᠭᠦᠯᠬᠦ ᠥᠷᠲᠡᠭᠡ ᠪᠡᠨ ᠪᠣᠯᠭᠠᠵᠠᠢ᠃ ᠭᠡᠬᠦ ᠳ᠋ᠦ᠍ ᠥᠷᠥᠰᠢᠶᠡᠯ ᠬᠠᠢᠷ᠎ᠠ ᠠᠳᠠ ᠪᠠᠭᠤᠵᠤ ᠢᠷᠡᠭᠡ ᠦᠭᠡᠢ᠂ ᠬᠣᠶᠠᠷ ᠱᠠᠰᠢᠨ ᠰᠤᠷᠲᠠᠯᠴᠢᠯᠠᠭᠴᠢ ᠪᠣᠯᠤᠨ ᠨᠢᠭᠡ ᠰᠤᠪᠢᠯᠠᠭᠴᠢ ᠬᠣᠢᠨ᠎ᠠ ᠬᠣᠢᠨ᠎ᠠ ᠠ᠋ᠴᠠ ᠪᠠᠨ ᠨᠠᠰᠤ ᠨᠥᠭᠴᠢᠪᠡ᠃ ᠠᠩᠬᠠᠨ ᠤ᠋ ᠨᠢᠭᠡ ᠨᠢ ᠪᠣᠯ ᠳᠡᠭᠡᠷᠡᠮᠴᠢᠳ ᠲᠦ᠍ ᠪᠠᠷᠢᠭᠳᠠᠨ ᠣᠴᠢᠭᠠᠳ ᠲᠣᠯᠣᠭᠠᠢ ᠪᠠᠨ ᠣᠭᠲᠣᠯᠤᠭᠤᠯᠵᠠᠢ᠃ ᠰᠸᠸᠳ᠋ᠸᠨᠴᠤᠳ ᠤ᠋ᠨ ᠰᠡᠳᠬᠢᠯ ᠲᠠᠯᠪᠢᠨ ᠥᠰᠬᠡᠨ ᠬᠥᠮᠦᠵᠢᠭᠦᠯᠵᠦ ᠪᠠᠢᠭ᠎ᠠ ᠥᠨᠥᠴᠢᠨ ᠬᠡᠦᠬᠡᠨ ᠢ᠋ ᠴᠦ᠍ ᠮᠣᠩᠭᠣᠯᠴᠤᠳ ᠴᠡᠪᠡᠷ ᠠᠷᠢᠭᠤᠨ ᠪᠤᠰᠤ ᠭᠡᠮᠡᠨ ᠶᠠᠷᠢᠯᠳᠤᠳᠠᠭ ᠪᠢᠯᠡ᠃ 
       ᠡᠨᠡ ᠪᠦᠬᠦ ᠤᠴᠠᠷᠠᠯ ᠨᠢ ᠬᠡᠯᠡᠯᠭᠡᠨ ᠦᠭᠡᠢ ᠲᠣᠬᠢᠶᠠᠯᠳᠤᠯ ᠪᠠᠢᠵᠤ ᠪᠣᠯᠤᠨ᠎ᠠ᠂ ᠥᠭᠡᠷ᠎ᠡ ᠨᠢᠭᠡᠨ ᠭᠠᠵᠠᠷ ᠲᠤ᠌ ᠭᠠᠷᠤᠭᠰᠠᠨ ᠪᠣᠯ ᠬᠥᠮᠦᠰ ᠦ᠋ᠨ ᠠᠩᠬᠠᠷᠤᠯ ᠢ᠋ ᠨᠢᠭᠡ ᠶᠡᠬᠡ ᠲᠠᠲᠠᠬᠤ ᠦᠭᠡᠢ ᠨᠢ ᠯᠠᠪᠲᠠᠢ᠃ ᠭᠡᠬᠦ ᠳ᠋ᠦ᠍ ᠮᠣᠩᠭᠣᠯᠴᠤᠳ ᠪᠣᠯ ᠡᠰᠡᠷᠭᠦ ᠪᠡᠷ ᠨᠢ ᠬᠠᠷᠢᠨ ᠴᠠᠭᠠᠨ ᠠᠷᠠᠰᠤ ᠲᠠᠢ ᠱᠠᠰᠢᠨ ᠰᠤᠷᠲᠠᠯᠴᠢᠯᠠᠭᠴᠢ ᠴᠤ᠌ ᠠᠳᠡᠬᠢ ᠠᠳᠠ ᠴᠢᠳᠬᠥᠷ ᠦ᠋ᠨ ᠬᠦᠴᠦ ᠴᠢᠳᠠᠯ ᠢ᠋ ᠳᠡᠢᠯᠬᠦ ᠦᠭᠡᠢ ᠪᠠᠢᠨ᠎ᠠ ᠭᠡᠮᠡᠨ ᠪᠠᠲᠤ ᠢᠲᠡᠭᠡᠭᠰᠡᠨ ᠪᠠᠢᠨ᠎ᠠ᠃
       ᠦᠳᠡᠰᠢ ᠶ᠋ᠢᠨ ᠬᠠᠷᠠᠩᠭᠤᠢ ᠳ᠋ᠤ᠌ ᠡᠨᠡ ᠬᠦ᠌ ᠰᠦᠰᠦᠭ ᠪᠢᠰᠢᠷᠡᠯ ᠳ᠋ᠡᠭᠡᠨ ᠪᠠᠲᠤ ᠢᠲᠡᠭᠡᠯᠲᠡᠢ ᠪᠠᠢᠭᠰᠠᠨ ᠬᠥᠮᠦᠰ ᠦ᠋ᠨ ᠣᠩᠭᠣᠨ ᠠ᠋ᠴᠠ ᠰᠠᠯᠵᠤ ᠪᠠᠢᠰᠢᠩ ᠳ᠋ᠤ᠌ ᠬᠦᠷᠬᠦ ᠵᠠᠮ ᠢ᠋ ᠡᠷᠢᠪᠡ᠃ ᠲᠡᠳᠡ ᠬᠡᠳᠦᠢᠪᠡᠷ ᠬᠦᠨᠳᠦ ᠬᠡᠴᠡᠭᠦᠦ ᠴᠣᠬᠢᠯᠲᠠ ᠬᠦᠷᠲᠡᠨ ᠬᠠᠳᠠᠨ ᠭᠡᠷ ᠲᠡᠭᠡᠨ ᠨᠣᠢᠷᠰᠤᠭᠰᠠᠨ ᠪᠣᠯᠪᠠᠴᠤ ᠡᠨᠳᠡᠬᠢ ᠨᠠᠷᠠ ᠭᠡᠷᠡᠯᠲᠦᠭᠰᠡᠨ ᠰᠠᠢᠬᠠᠨ ᠠᠮᠢᠳᠤᠷᠠᠯ ᠤ᠋ᠨ ᠦᠷᠭᠦᠯᠵᠢᠯᠡᠬᠦ ᠶ᠋ᠢ ᠯᠠᠪᠲᠠᠢ ᠬᠦᠰᠡᠨ ᠪᠠᠷᠠᠯᠠᠵᠤ ᠪᠠᠢᠬᠤ ᠪᠣᠢ ᠊ᠢ᠎ᠠ᠃ ᠭᠡᠬᠦ ᠳ᠋ᠦ᠍ ᠠᠳᠡᠬᠢ ᠱᠠᠰᠢᠨ ᠰᠤᠷᠲᠠᠯᠴᠢᠯᠠᠭᠴᠢ ᠴᠤ᠌ ᠭᠡᠰᠡᠨ ᠡᠨᠡ ᠬᠦ᠌ ᠬᠠᠷᠢᠶᠠᠯ ᠰᠢᠩᠭᠡᠭᠰᠡᠨ ᠭᠠᠵᠠᠷ ᠲᠤ᠌ ᠠᠮᠢᠳᠤᠷᠠᠬᠤ ᠳᠤᠷ᠎ᠠ ᠦᠭᠡᠢ ᠶ᠋ᠢ ᠶᠠᠭᠠᠬᠢᠶ᠎ᠠ ᠳᠠ᠃ ᠪᠣᠯᠤᠮᠵᠢ ᠪᠠᠢᠳᠠᠭ ᠯᠠ ᠶᠤᠮ ᠪᠣᠯ ᠲᠡᠳᠡ ᠣᠨᠳᠣᠣ ᠭᠠᠵᠠᠷ ᠲᠤ᠌ ᠰᠢᠯᠵᠢᠬᠦ ᠪᠤᠶᠤ ᠨᠠᠭᠠᠳᠤ ᠵᠠᠬ᠎ᠠ ᠳ᠋ᠠᠭᠠᠨ ᠴᠠᠭᠠᠨ ᠬᠦᠷᠢᠶᠡᠨ ᠦ᠌ ᠰᠦᠮ᠎ᠡ ᠳ᠋ᠦ᠍ ᠣᠬᠣᠷᠬᠠᠨ ᠬᠤᠭᠤᠴᠠᠭ᠎ᠠ ᠪᠠᠷ ᠠᠢᠯᠴᠢᠯᠠᠬᠤ ᠶ᠋ᠢ ᠬᠦᠰᠡᠨ ᠪᠠᠷᠠᠯᠠᠳᠠᠭ ᠪᠢᠯᠡ᠃ 
       ᠮᠠᠷᠭᠠᠰᠢ ᠥᠷᠯᠥᠭᠡ ᠨᠢ ᠪᠢ ᠷᠠᠰᠢ ᠲᠠᠢ ᠰᠠᠯᠬᠤ ᠶᠣᠰᠣ ᠪᠠᠨ ᠭᠦᠢᠴᠡᠳᠬᠡᠪᠡ᠃ ᠲᠡᠷᠡ ᠮᠣᠷᠢᠨ ᠳ᠋ᠠᠭᠠᠨ ᠮᠣᠷᠳᠠᠬᠤ ᠳ᠋ᠠᠭᠠᠨ ᠢᠨᠢᠶᠡᠮᠰᠦᠭᠯᠡᠭᠰᠡᠭᠡᠷ᠄
       - ᠤᠳᠠᠯ ᠦᠭᠡᠢ ᠠᠬᠢᠭᠠᠳ ᠢᠷᠡᠭᠡᠷᠡᠢ᠂ ᠠᠮᠤᠷᠬᠠᠨ ᠰᠠᠢᠨ! ᠭᠡᠯ᠎ᠡ᠃ 
       ᠶᠡᠬᠡ ᠤᠳᠠᠭᠠᠨ ᠲᠡᠭᠦᠨ ᠦ᠌ ᠬᠣᠢᠨ᠎ᠠ ᠠ᠋ᠴᠠ ᠬᠠᠷᠠᠵᠤ ᠵᠣᠭᠰᠣᠬᠤ ᠳ᠋ᠠᠭᠠᠨ ᠲᠡᠭᠦᠨ ᠲᠡᠢ ᠥᠩᠭᠡᠷᠡᠭᠦᠯᠦᠭᠰᠡᠨ ᠪᠦᠬᠦ ᠰᠠᠢᠬᠠᠨ ᠡᠳᠦᠷ ᠦ᠋ᠳ ᠢ᠋ᠶ᠋ᠡᠨ ᠡᠷᠭᠢᠴᠡᠭᠦᠯᠦᠯ᠎ᠡ᠃ ᠭᠣᠪᠢ ᠬᠥᠩᠭᠡᠨ ᠮᠠᠰᠢᠨ ᠢ᠋ᠶ᠋ᠠᠷ ᠠᠶᠠᠯᠠᠭᠰᠠᠨ᠂ ᠲᠡᠭᠦᠨ ᠦ᠌ ᠤᠲᠠᠢ ᠳ᠋ᠤ᠌ ᠶᠠᠪᠤᠨ᠎ᠠ ᠭᠡᠰᠡᠨ ᠦᠳᠡᠰᠢ ᠵᠢᠴᠢ ᠨᠠᠢ᠍ᠮᠠ ᠶ᠋ᠢᠨ ᠠᠭᠤᠯᠠ ᠳ᠋ᠤ᠌ ᠥᠩᠭᠡᠷᠡᠭᠦᠯᠦᠭᠰᠡᠨ ᠳᠤᠷᠠᠰᠬᠠᠯ ᠲᠠᠢ ᠰᠠᠢᠬᠠᠨ ᠡᠳᠦᠷ ᠦ᠋ᠳ ᠲᠠᠷᠢᠬᠢᠨ ᠳ᠋ᠤ᠌ ᠮᠢᠨᠢ ᠡᠷᠭᠢᠯᠳᠦᠵᠦ ᠪᠠᠢᠪᠠ᠃ 
       - ᠲᠠ ᠲᠡᠭᠡᠭᠡᠳ ᠪᠡᠯᠡᠨ ᠪᠣᠯᠤᠭᠰᠠᠨ ᠪᠣᠯ ᠪᠢᠳᠡ ᠣᠳᠣ ᠬᠥᠳᠡᠯᠵᠦ ᠪᠣᠯᠤᠨ᠎ᠠ ᠭᠡᠰᠡᠨ ᠵᠠᠯᠠᠭᠤ ᠰᠸᠨᠰᠤᠨ ᠤ᠋ ᠳᠠᠭᠤ ᠨᠠᠮᠠᠶ᠋ᠢ ᠪᠣᠳᠣᠯ ᠤ᠋ᠨ ᠶᠢᠷᠲᠢᠨᠴᠦ ᠡᠴᠡ ᠮᠢᠨᠢ ᠰᠡᠷᠡᠭᠡᠪᠡ᠃ ᠲᠡᠷᠡ ᠨᠠᠮᠠᠶ᠋ᠢ ᠮᠠᠰᠢᠨ ᠢ᠋ᠶ᠋ᠠᠷ ᠴᠠᠭᠠᠨ ᠬᠦᠷᠢᠶᠡᠨ ᠦ᠌ ᠰᠦᠮ᠎ᠡ ᠳ᠋ᠦ᠍ ᠬᠦᠷᠭᠡᠬᠦ ᠪᠣᠯᠤᠨ᠎ᠠ᠃ 
       ᠴᠠᠭᠠᠨ ᠬᠦᠷᠢᠶᠡᠨ ᠦ᠌ ᠰᠦᠮ᠎ᠡ ᠶ᠋ᠢᠨ ᠡᠮᠦᠨᠡᠬᠢ ᠲᠠᠢᠰᠠᠨ ᠳᠡᠭᠡᠷ᠎ᠡ ᠵᠣᠭᠰᠣᠭᠰᠠᠨ ᠯᠠᠷᠰᠤᠨ ᠬᠦᠩ ᠢᠨᠢᠶᠡᠭᠰᠡᠭᠡᠷ᠄ 
       - ᠵᠠ ! ᠠᠯᠠᠭ᠎ᠠ ᠪᠣᠯᠤᠭᠰᠠᠨ ᠬᠦᠦ ᠬᠦᠷᠦᠭᠡᠳ ᠢᠷᠡᠯ᠎ᠡ ᠬᠦ ᠭᠡᠮᠡᠨ ᠤᠭᠲᠤᠨ ᠠᠪᠤᠯ᠎ᠠ᠃ 
       - ᠠᠳᠠ ᠪᠢ᠂ ᠬᠡᠳᠦᠢ ᠤᠳᠠᠭᠠᠨ ᠰᠠᠭᠤᠵᠤ ᠪᠣᠯᠤᠨ᠎ᠠ ᠪᠣᠢ? 
       - ᠬᠡᠳᠦᠢ ᠤᠳᠠᠭᠠᠨ ᠰᠠᠭᠤᠬᠤ ᠳᠤᠷ᠎ᠠ ᠲᠠᠢ ᠪᠣᠯ ᠲᠡᠳᠦᠢ ᠤᠳᠠᠭᠠᠨ ᠰᠠᠭᠤᠭᠠᠷᠠᠢ ᠭᠡᠵᠦ ᠮᠢᠨᠦ ᠠᠰᠠᠭᠤᠯᠲᠠ ᠶ᠋ᠢ ᠬᠠᠷᠢᠭᠤᠯᠤᠭᠠᠳ᠂ ᠤᠯᠠᠭᠠᠨ ᠯᠤᠤ ᠣᠷᠢᠶᠠᠯᠳᠤᠭᠤᠯᠤᠨ ᠵᠢᠷᠤᠭᠰᠠᠨ ᠲᠤᠯᠭᠠᠭᠤᠷ ᠲᠠᠢ ᠬᠠᠭᠤᠴᠢᠨ ᠬᠣᠨᠣᠵᠤ ᠪᠠᠢᠭᠰᠠᠨ ᠥᠷᠥᠭᠡ ᠳ᠋ᠦ᠍ ᠳᠠᠭᠠᠭᠤᠯᠤᠨ ᠬᠦᠷᠦᠯ᠎ᠡ᠃ ᠮᠥᠨ ᠲᠡᠳᠡᠨ ᠦ᠌ ᠬᠣᠶᠠᠷ ᠨᠣᠬᠠᠢ ᠳ᠋ᠤᠨᠢ ᠨᠥᠬᠥᠷᠰᠡᠭ ᠬᠠᠳᠤᠭᠰᠠᠨ ᠦᠭᠡᠢ ᠡᠴᠡ ᠪᠣᠯᠵᠤ ᠨᠠᠳᠠ ᠤᠷᠤᠭᠤ ᠬᠤᠴᠠᠨ ᠬᠣᠷᠭᠣᠭᠣᠵᠤ ᠪᠠᠢᠭᠰᠠᠨ ᠢ᠋ᠶ᠋ᠠᠨ ᠤᠳᠠᠯ ᠦᠭᠡᠢ ᠯᠤᠹᠠᠷ ᠨᠡᠷ᠎ᠡ ᠲᠡᠢ ᠰᠠᠢᠬᠠᠨ ᠬᠦᠷᠡᠩ ᠨᠣᠬᠠᠢ ᠨᠢ ᠨᠠᠳᠠ ᠳ᠋ᠤ᠌ ᠣᠢᠷᠠᠲᠤᠨ ᠦᠨᠦᠷᠲᠦᠵᠦ ᠦᠵᠡᠭᠡᠳ᠂ ᠰᠡᠭᠦᠯ ᠢ᠋ᠶ᠋ᠡᠨ ᠰᠢᠷᠪᠠᠯ᠎ᠠ᠃ ᠵᠠᠷᠤᠴᠠ ᠪᠦᠰᠡᠭᠦᠢ ᠵᠢᠨᠵᠢᠮ᠎ᠠ᠂ ᠠᠳᠤᠭᠤᠴᠢᠨ ᠬᠣᠷᠯᠣ᠂ ᠵᠢᠯᠣᠭᠣᠴᠢ ᠵᠡᠷᠭᠡ ᠬᠥᠮᠦᠰ ᠬᠦᠷᠴᠦ ᠢᠷᠡᠵᠡᠭᠡᠪᠡ᠃ 
       - ᠶᠠᠭ ᠯᠠ ᠮᠣᠩᠭᠣᠯ ᠬᠥᠮᠦᠨ ᠲᠡᠢ ᠠᠳᠠᠯᠢᠬᠠᠨ ᠬᠦᠷᠡᠩ ᠥᠩᠭᠡ ᠲᠡᠢ ᠪᠣᠯᠵᠠᠢ ᠭᠡᠵᠦ ᠬᠣᠷᠯᠣ ᠶ᠋ᠢ ᠶᠠᠷᠢᠬᠤ ᠳ᠋ᠤ᠌ ᠰᠸᠷᠠᠤᠳᠤ ᠲᠣᠰᠴᠤ ᠠᠪᠤᠭᠠᠳ᠄ 
       - ᠮᠥᠨ ᠲᠡᠭᠡᠭᠡᠳ ᠪᠠᠰᠠ ᠰᠦᠷᠡᠬᠡᠢ ᠡᠴᠡᠴᠢᠬᠡᠵᠡᠢ ᠭᠡᠪᠡ᠃ 
       - ᠤᠳᠠᠯ ᠦᠭᠡᠢ ᠣᠨᠳᠣᠣ ᠪᠣᠯᠭᠠᠨ᠎ᠠ᠂ ᠡᠭᠦᠨ ᠦ᠌ ᠲᠥᠯᠥᠭᠡ ᠪᠢ ᠪᠠᠢᠭ᠎ᠠ ᠰᠢᠦ ᠳᠡ ᠭᠡᠵᠦ ᠵᠢᠨᠵᠢᠮ᠎ᠠ ᠲᠣᠭᠣᠭᠠᠨ ᠪᠠᠢᠰᠢᠩ ᠤ᠋ᠨ ᠡᠭᠦᠳᠡᠨ ᠳᠡᠭᠡᠷ᠎ᠡ ᠵᠣᠭᠰᠣᠵᠤ ᠪᠠᠢᠬᠤ ᠳ᠋ᠠᠭᠠᠨ ᠬᠡᠯᠡᠯ᠎ᠡ᠃