ᠥᠯᠥᠭᠡᠢ ᠲᠡᠢ ᠠᠩᠭᠢ ᠶ᠋ᠢᠨ ᠬᠢᠨ - ᠳ᠋ᠠᠨᠢᠭ᠎ᠠ ᠶ᠋ᠢᠨ ᠳᠠᠸᠠᠨᠢᠮ᠎ᠠӨлгийтэй ангийнхан
ᠳ᠋ᠠᠨᠢᠭ᠎ᠠ ᠶ᠋ᠢᠨ ᠳᠠᠸᠠᠨᠢᠮ᠎ᠠ
ᠥᠯᠥᠭᠡᠢ ᠲᠡᠢ ᠠᠩᠭᠢ ᠶ᠋ᠢᠨ ᠬᠢᠨ ᠠᠵᠢᠯ ᠶᠡᠬᠡᠲᠡᠢ
ᠥᠷᠯᠥᠭᠡ ᠢᠷᠡᠩᠭᠦᠲᠡ ᠪᠡᠨ ᠤᠬᠢᠯᠠᠬᠤ ᠶ᠋ᠢ ᠦᠵᠡᠭᠦᠯᠦᠨ᠎ᠡ᠂
ᠡᠳᠦᠷᠵᠢᠨ ᠲᠡᠳᠡ ᠠᠯᠪᠠ ᠶᠡᠬᠡᠲᠡᠢ
ᠥᠯᠥᠰᠬᠦ ᠯᠡ ᠶᠦᠮ ᠪᠣᠯ ᠤᠬᠢᠯᠠᠬᠤ ᠶ᠋ᠢ ᠬᠠᠷᠠᠭᠤᠯᠤᠨ᠎ᠠ᠃
ᠥᠨᠥ ᠬᠢᠷᠢ ᠨᠢ ᠡᠷᠡᠭᠲᠡᠢ ᠡᠮᠡᠭᠲᠡᠢ ᠪᠡᠨ
ᠥᠪᠡᠷᠰᠡᠳ ᠢ᠋ᠶ᠋ᠡᠨ ᠲᠡᠳᠡ ᠮᠡᠳᠡᠳᠡᠭ ᠦᠭᠡᠢ ᠶᠦᠮ᠂
ᠥᠩᠭᠡᠪᠴᠢᠨ ᠬᠠᠷᠠᠬᠤ ᠳ᠋ᠤ᠌ ᠢᠯᠭᠠᠷᠠᠬᠤ ᠴᠤ᠌ ᠦᠭᠡᠢ
ᠥᠯᠥᠭᠡᠢ ᠶ᠋ᠢ ᠵᠠᠳᠠᠯᠪᠠᠯ ᠮᠡᠳᠡᠭᠳᠡᠳᠡᠭ ᠶᠦᠮ᠃
ᠥᠯᠥᠭᠡᠢ ᠲᠡᠢ ᠠᠩᠭᠢ ᠶ᠋ᠢᠨ ᠬᠢᠨ ᠠᠭᠠᠰᠢ ᠰᠠᠢᠲᠠᠢ
ᠥᠮᠥᠯᠵᠡᠵᠦ ᠪᠠᠢᠭᠰᠠᠨ ᠢ᠋ᠶ᠋ᠠᠨ ᠢᠨᠢᠶᠡᠵᠦ ᠭᠠᠷᠤᠨ᠎ᠠ᠂
ᠦᠭᠡᠯᠡᠬᠦ ᠶᠠᠭᠤᠮ᠎ᠠ ᠦᠭᠡᠢ ᠣᠢ ᠰᠠᠢᠲᠠᠢ
ᠥᠪᠡᠷ ᠦ᠋ᠨ ᠢ᠋ᠶ᠋ᠡᠨ ᠡᠵᠢ ᠶ᠋ᠢ ᠠᠨᠳᠠᠬᠤ ᠦᠭᠡᠢ ᠲᠠᠨᠢᠨ᠎ᠠ᠂
ᠡᠳᠦᠷ ᠬᠣᠨᠣᠭ ᠢ᠋ᠶ᠋ᠠᠷ ᠠᠰᠢᠭᠦᠢ ᠲᠡᠳᠡᠨ ᠳ᠋ᠦ᠍
ᠥᠯᠥᠭᠡᠢ ᠨᠢ ᠪᠦᠷ ᠪᠠᠭᠠᠳᠠᠭᠠᠳ ᠢᠷᠡᠯ᠎ᠡ᠃
ᠥᠭᠡᠳᠡᠰᠥᠬᠡᠨ ᠬᠥᠯ ᠦ᠋ᠳ ᠨᠢ ᠴᠤᠬᠤᠢᠳᠠᠭ ᠪᠣᠯᠵᠤ
ᠥᠯᠥᠭᠡᠢ ᠲᠡᠢ ᠠᠩᠭᠢ ᠶ᠋ᠢᠨ ᠬᠢᠨ ᠮᠠᠨᠳᠤᠲᠤᠭᠠᠢ!
1986 ᠣᠨ
ᠦᠰᠦᠭ ᠠᠮᠢᠯᠠᠭᠤᠯᠤᠭᠴᠢ᠄ ᠥᠯᠵᠡᠢᠪᠠᠭᠠᠳᠤᠷ
ᠬᠢᠨᠠᠭᠴᠢ᠄ ᠣᠳᠬᠠᠨᠰᠣ᠎ᠠ
