ᠡᠮᠡᠭᠡ ᠰᠢᠪᠠᠭᠤᠨ ᠤ᠋ ᠬᠡᠯᠡ ᠮᠡᠳᠡᠳᠡᠭ -ᠨᠠᠸᠠᠩᠱᠠᠷᠠᠪ ᠤ᠋ᠨ ᠲᠤᠷᠵᠢᠴᠡᠷᠡᠩЭмэг шувууны хэл маддаг-Навааншаравын Доржцэрэн
ᠮᠠᠨ ᠤ᠋ ᠡᠮᠡᠭᠡ ᠰᠢᠪᠠᠭᠤᠨ ᠤ᠋ ᠬᠡᠯᠡ ᠮᠡᠳᠡᠳᠡᠭ
ᠮᠠᠯ ᠳ᠋ᠤ᠌ ᠶᠠᠪᠤᠬᠤ ᠳ᠋ᠠᠭᠠᠨ ᠨᠠᠳᠠ ᠳ᠋ᠤ᠌ ᠵᠢᠭᠠᠵᠤ ᠥᠭᠳᠡᠭ᠂
ᠠᠯᠠᠭ ᠱᠠᠭᠠᠵᠠᠭᠠᠢ ᠱᠠᠭᠰᠢᠬᠤ ᠪᠠᠷ
ᠠᠢᠯᠴᠢᠨ ᠢᠷᠡᠬᠦ ᠨᠢ ᠭᠡᠳᠡᠭ᠂
ᠡᠩᠭᠡᠷ ᠲᠦ᠍ ᠡᠯᠢᠶ᠎ᠡ ᠡᠷᠭᠢᠬᠦ ᠪᠡᠷ ᠢᠰᠢᠭᠡ ᠬᠣᠴᠣᠷᠪᠠ ᠤᠤ ᠭᠡᠳᠡᠭ᠂
ᠬᠣᠩ ᠬᠡᠷᠢᠶ᠎ᠡ ᠭᠤᠸᠠᠭᠯᠠᠬᠤ ᠪᠠᠷ
ᠬᠣᠲᠠᠨ ᠳ᠋ᠤ᠌ ᠴᠢᠨᠣ᠎ᠠ
ᠡᠷᠭᠢᠬᠦ ᠨᠢ ᠭᠡᠳᠡᠭ᠂
ᠲᠤᠷᠯᠠᠬᠢ( ᠲᠤᠷᠯᠢᠶᠠᠬ᠎ᠠ) ᠨᠢᠰᠦᠯᠴᠡᠭᠡᠳ ᠪᠠᠢᠬᠤ ᠪᠠᠷ
ᠲᠤᠩ ᠬᠦᠴᠦᠲᠡᠢ ᠰᠢᠭᠤᠷᠬᠤ ᠨᠢ ᠭᠡᠳᠡᠭ᠃
ᠬᠠᠷᠢᠨ ᠡᠮᠡᠭᠡ ᠰᠢᠪᠠᠭᠤᠨ ᠤ᠋ ᠬᠡᠯᠡ ᠶ᠋ᠢ
ᠬᠠᠮᠢᠭᠠᠬᠢ ᠶ᠋ᠢᠨ ᠰᠤᠷᠭᠠᠭᠤᠯᠢ ᠳ᠋ᠤ᠌ ᠰᠤᠷᠤᠭᠰᠠᠨ ᠶᠤᠮ ᠪᠣᠢ?
1985 ᠣᠨ
ᠦᠰᠦᠭ ᠠᠮᠢᠯᠠᠭᠤᠯᠤᠭᠴᠢ᠄ ᠸᠠᠩ᠂ ᠪᠠᠳᠮ᠎ᠠ
ᠬᠢᠨᠠᠭᠴᠢ᠄ ᠣᠳᠬᠠᠨᠰᠣ᠎ᠠ
