ᠠᠯᠲᠠᠨ ᠨᠠᠮᠤᠷ – ᠪᠠᠳᠠᠷᠠ (ᠰᠢᠨᠵᠢᠶᠠᠩ) Алтан намар – Бадра (Шиньжян) ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠨᠠᠮᠤᠷ – ᠪᠠᠳᠠᠷᠠ (ᠰᠢᠨᠵᠢᠶᠠᠩ) Алтан намар – Бадра (Шиньжян)

ᠠᠯᠲᠠᠨ ᠨᠠᠮᠤᠷ – ᠪᠠᠳᠠᠷᠠ (ᠰᠢᠨᠵᠢᠶᠠᠩ) Алтан намар – Бадра (Шиньжян)

2024-08-31

1177

ᠠᠯᠲᠠᠨ ᠨᠠᠮᠤᠷ

 
 ᠠᠯᠠᠭ ᠬᠣᠷᠸ᠎ᠠ ᠶ᠋ᠢᠨ ᠬᠡᠰᠢᠭ ᠪᠤᠶᠠᠨ ᠢᠶᠠᠷ ᠳᠦᠭᠦᠷᠡᠩ ᠠᠯᠲᠠᠨ ᠨᠠᠮᠤᠷ  
 ᠠᠷᠠᠳ ᠣᠯᠠᠨ ᠤ᠋ ᠰᠡᠳᠬᠢᠯ ᠪᠠᠶᠠᠰᠤᠯ ᠢᠶᠠᠷ ᠳᠦᠭᠦᠷᠡᠩ ᠠᠯᠲᠠᠨ ᠨᠠᠮᠤᠷ 
 ᠠᠪᠤ ᠡᠵᠢ ᠶ᠋ᠢᠨ ᠢᠷᠦᠭᠡᠯ ᠬᠠᠢᠷ᠎ᠠ ᠪᠠᠷ ᠳᠦᠭᠦᠷᠡᠩ ᠠᠯᠲᠠᠨ ᠨᠠᠮᠤᠷ 
 ᠠᠮᠠᠷᠠᠭ ᠬᠣᠣᠰ ᠤ᠋ᠨ ᠠᠮᠢᠳᠤᠷᠠᠯ ᠵᠢᠷᠭᠠᠯ ᠢᠶᠠᠷ ᠳᠦᠭᠦᠷᠡᠩ ᠠᠯᠲᠠᠨ ᠨᠠᠮᠤᠷ  

 ᠠᠶᠠᠯᠭᠤ ᠳᠠᠭᠤᠤ ᠪᠠᠶᠠᠷ ᠴᠡᠩᠭᠡᠯ ᠢᠶᠠᠷ ᠳᠦᠭᠦᠷᠡᠩ ᠠᠯᠲᠠᠨ ᠨᠠᠮᠤᠷ 
 ᠠᠢᠷᠠᠭ ᠴᠡᠭᠡ ᠠᠶᠠᠭ᠎ᠠ ᠰᠠᠪᠠ ᠪᠠᠷ ᠳᠦᠭᠦᠷᠡᠩ ᠠᠯᠲᠠᠨ ᠨᠠᠮᠤᠷ  
 ᠲᠠᠪᠤᠨ ᠬᠣᠰᠢᠭᠤ ᠮᠠᠯ ᠲᠠᠯ᠎ᠠ ᠪᠠᠷ ᠳᠦᠭᠦᠷᠡᠩ ᠠᠯᠲᠠᠨ ᠨᠠᠮᠤᠷ 
 ᠲᠠᠩᠰᠤᠭ ᠮᠣᠩᠭᠣᠯ ᠨᠤᠲᠤᠭ ᠮᠢᠨᠢ ᠬᠥᠭᠵᠢᠯ ᠪᠠᠳᠠᠷᠠᠯ ᠢᠶᠠᠷ ᠳᠦᠭᠦᠷᠡᠩ ᠠᠯᠲᠠᠨ ᠨᠠᠮᠤᠷ  

 ᠠᠯᠢᠮ᠎ᠠ ᠱᠠᠪᠳᠠᠯ᠎ᠠ ᠶ᠋ᠢᠨ ᠦᠨᠦᠷ ᠬᠠᠩᠬᠤᠯᠠᠭᠰᠠᠡ ᠠᠯᠲᠠᠨ ᠨᠠᠮᠤᠷ  
 ᠠᠯᠢᠶ᠎ᠠ ᠬᠡᠦᠬᠡᠳ ᠦ᠋ᠨ ᠴᠢᠷᠠᠢ ᠢᠨᠢᠶᠡᠳᠦ ᠪᠢᠯᠬᠠᠭᠰᠠᠨ ᠠᠯᠲᠠᠨ ᠨᠠᠮᠤᠷ  
 ᠬᠢᠴᠢᠶᠡᠯ ᠦ᠋ᠨ ᠲᠠᠩᠬᠢᠮ ᠳ᠋ᠤ᠌ ᠰᠢᠯᠦᠭ ᠨᠠᠢᠷᠠᠭ ᠴᠤᠤᠷᠢᠶᠠᠲᠤᠭᠰᠠᠨ ᠠᠯᠲᠠᠨ ᠨᠠᠮᠤᠷ  
 ᠡᠷᠳᠡᠮ ᠰᠣᠶᠣᠯ ᠤ᠋ᠨ ᠰᠦᠮᠪᠦᠷ ᠠᠭᠤᠯᠠ ᠤᠷᠤᠭᠤ ᠲᠠᠪᠰᠢᠭᠰᠠᠨ ᠠᠯᠲᠠᠨ ᠨᠠᠮᠤᠷ  
 
 ᠠᠷᠢᠭᠤᠨ ᠬᠠᠢᠷ᠎ᠠ ᠶ᠋ᠢᠨ ᠮᠥᠩᠬᠡ ᠶ᠋ᠢᠨ ᠪᠠᠷᠢᠯᠳᠤᠯᠭ᠎ᠠ ᠲᠣᠭᠲᠠᠭᠰᠠᠨ ᠠᠯᠲᠠᠨ ᠨᠠᠮᠤᠷ 
 ᠤᠳᠤᠮ ᠤᠭᠰᠠᠭ᠎ᠠ ᠶ᠋ᠢᠨ ᠭᠣᠯᠣᠮᠲᠠ ᠶ᠋ᠢᠨ ᠭᠠᠯ ᠪᠠᠳᠠᠷᠠᠨ ᠠᠰᠠᠭᠰᠠᠨ ᠠᠯᠲᠠᠨ ᠨᠠᠮᠤᠷ  
 ᠬᠦᠰᠡᠯ ᠮᠥᠷᠥᠭᠡᠳᠦᠯ ᠦ᠋ᠨ ᠡᠷᠴᠢ ᠬᠦᠴᠦ ᠢᠲᠡᠭᠡᠯ ᠵᠣᠷᠢᠭ ᠡᠷᠴᠢᠯᠡᠭᠰᠡᠨ ᠠᠯᠲᠠᠨ ᠨᠠᠮᠤᠷ  
 ᠬᠥᠮᠦᠨ ᠦ᠌ ᠰᠠᠢᠬᠠᠨ ᠬᠤᠪᠢ ᠵᠠᠶᠠᠭ᠎ᠠ ᠳᠦᠭᠦᠷᠡᠩ ᠳᠡᠯᠭᠡᠷᠡᠭᠰᠡᠨ ᠠᠯᠲᠠᠨ ᠨᠠᠮᠤᠷ᠃       


            ᠰᠢᠨᠵᠢᠶᠠᠩ ᠤ᠋ᠨ ᠪᠠᠶᠠᠨᠭᠤᠤᠯ ᠵᠧᠦ 
              ᠶ᠋ᠢᠨ ᠾᠸᠵᠢᠩ ᠰᠢᠶᠠᠨ ᠠ᠋ᠴᠠ      
                   2024 · 8 ·31