ᠭᠤᠷᠪᠠᠨ ᠪᠠᠭᠠᠲᠤᠷгурван баатар
ᠵᠢᠮᠪᠠ ᠶ᠋ᠢᠨ ᠳᠠᠰᠢᠳᠣᠨᠳᠤᠭ
ᠪᠠᠯᠠᠯᠤᠭᠤᠷ
ᠪᠠᠯᠠᠯᠤᠭᠤᠷ
ᠪᠠᠯᠠᠯᠤᠭᠤᠷ
ᠪᠠᠯᠠᠯᠤᠭᠰᠠᠭᠠᠷ
ᠪᠠᠯᠠᠯᠤᠭᠰᠠᠭᠠᠷ
ᠪᠠᠢᠳᠠᠭ ᠪᠡᠶ᠎ᠡ ᠨᠢ
ᠪᠠᠭᠠᠰᠤᠭᠰᠠᠭᠠᠷ
ᠪᠠᠭᠠᠰᠤᠭᠰᠠᠭᠠᠷ
ᠠᠯᠳᠠᠭ᠎ᠠ ᠶ᠋ᠢ ᠮᠢᠨᠢ
ᠠᠷᠢᠯᠭᠠᠭᠰᠠᠭᠠᠷ
ᠠᠷᠢᠯᠭᠠᠭᠰᠠᠭᠠᠷ
ᠵᠥᠷᠢᠭᠦᠦ ᠶ᠋ᠢ ᠮᠢᠨᠢ
ᠵᠡᠪᠲᠦᠭᠰᠡᠭᠡᠷ
ᠵᠡᠪᠲᠥᠭᠰᠡᠭᠡᠷ ᠵᠠ!
ᠪᠦᠲᠦᠨ ᠪᠡᠶ᠎ᠡ ᠪᠡᠨ ᠳᠠᠭᠤᠰᠬᠠᠯ᠎ᠠ
ᠪᠦᠬᠦᠨ ᠢ᠋ᠶ᠋ᠡᠨ ᠨᠠᠳᠠ ᠳ᠋ᠤ᠌ ᠵᠣᠷᠢᠭᠤᠯᠤᠯ᠎ᠠ
ᠪᠠᠢᠩᠭᠤ ᠰᠤᠷᠬᠤ ᠳ᠋ᠤ᠌ ᠲᠤᠰᠠᠯᠠᠯ᠎ᠠ
ᠪᠠᠭᠠᠲᠤᠷᠯᠢᠭ ᠴᠢᠮ᠎ᠠ ᠳ᠋ᠠᠭᠠᠨ
ᠪᠠᠶᠠᠷᠯᠠᠯ᠎ᠠ
ᠬᠠᠷᠠᠨᠳᠠ
ᠬᠠᠷᠠᠨᠳᠠ
ᠬᠠᠷᠠᠨᠳᠠ
ᠬᠣᠷᠣᠭᠳᠠᠭᠰᠠᠭᠠᠷ
ᠬᠣᠷᠣᠭᠳᠠᠭᠰᠠᠭᠠᠷ
ᠬᠠᠮᠤᠭ ᠪᠡᠶ᠎ᠡ ᠨᠢ
ᠪᠠᠷᠠᠭᠳᠠᠭᠰᠠᠭᠠᠷ
ᠪᠠᠷᠠᠭᠳᠠᠭᠰᠠᠭᠠᠷ
ᠦᠰᠦᠭ ᠲᠣᠭ᠎ᠠ ᠨᠤᠭᠤᠳ
ᠪᠢᠴᠢᠭᠰᠡᠭᠡᠷ ᠪᠢᠴᠢᠭᠰᠡᠭᠡᠷ
ᠦᠵᠡᠭᠰᠡᠨ
ᠬᠠᠷᠠᠭᠰᠠᠨ ᠢ᠋ᠶ᠋ᠠᠨ
ᠵᠢᠷᠤᠭᠰᠠᠭᠠᠷ ᠵᠢᠷᠤᠭᠰᠠᠭᠠᠷ
ᠵᠠ!
ᠨᠠᠷᠢᠨ ᠪᠡᠶ᠎ᠡ ᠪᠡᠨ ᠳᠠᠭᠤᠰᠬᠠᠯ᠎ᠠ
ᠨᠠᠳᠠ ᠳ᠋ᠤ᠌ ᠪᠦᠬᠦᠨ ᠢ᠋ᠶ᠋ᠡᠨ
ᠵᠣᠷᠢᠭᠤᠯᠤᠯ᠎ᠠ
ᠡᠷᠳᠡᠮ ᠰᠤᠷᠬᠤ ᠳ᠋ᠤ᠌ ᠲᠤᠰᠠᠯᠠᠯ᠎ᠠ
ᠡᠷᠡᠯᠬᠡᠭ ᠴᠢᠮ᠎ᠠ ᠳ᠋ᠠᠭᠠᠨ ᠪᠠᠶᠠᠷᠯᠠᠯ᠎ᠠ
ᠰᠠᠪᠤᠩ
ᠰᠠᠪᠤᠩ
ᠰᠠᠪᠤᠩ
ᠢᠯᠡᠭᠳᠡᠭᠰᠡᠭᠡᠷ
ᠢᠯᠡᠭᠳᠡᠭᠰᠡᠭᠡᠷ
ᠰᠠᠢᠬᠠᠨ ᠪᠡᠶ᠎ᠡ ᠨᠢ
ᠡᠯᠡᠭᠳᠡᠭᠰᠡᠭᠡᠷ ᠡᠯᠡᠭᠳᠡᠭᠰᠡᠭᠡᠷ
ᠬᠠᠯᠲᠠᠷ ᠬᠤᠯᠲᠠᠷ ᠠ᠋ᠴᠠ
ᠰᠠᠯᠭᠠᠭᠰᠠᠭᠠᠷ
ᠰᠠᠯᠭᠠᠭᠰᠠᠭᠠᠷ
ᠬᠠᠮᠤᠭ ᠠ᠋ᠴᠠ ᠬᠥᠭᠡᠷᠦᠬᠦᠨ
ᠪᠣᠯᠭᠠᠭᠰᠠᠭᠠᠷ ᠪᠣᠯᠭᠠᠭᠰᠠᠭᠠᠷ
ᠵᠠ!
ᠨᠠᠨᠳᠢᠨ ᠪᠡᠶ᠎ᠡ ᠪᠡᠨ ᠳᠠᠭᠤᠰᠬᠠᠯ᠎ᠠ
ᠨᠠᠳᠠ ᠳ᠋ᠤ᠌ ᠪᠦᠬᠦᠨ ᠢ᠋ᠶ᠋ᠡᠨ
ᠵᠣᠷᠢᠭᠤᠯᠤᠯ᠎ᠠ
ᠴᠡᠪᠡᠷᠴᠢ ᠶᠠᠪᠤᠬᠤ ᠳ᠋ᠤ᠌ ᠲᠤᠰᠠᠯᠠᠯ᠎ᠠ
ᠴᠢᠩ ᠵᠢᠷᠦᠬᠡᠨ ᠡᠴᠡ ᠪᠡᠨ ᠪᠠᠶᠠᠷᠯᠠᠯ᠎ᠠ
1980 ᠣᠨ
ᠦᠰᠦᠭ ᠠᠮᠢᠯᠠᠭᠤᠯᠤᠭᠴᠢ᠄ ᠱᠠᠭᠰᠠᠯ᠂ ᠸᠠᠩ᠂ ᠪᠠᠳᠮ᠎ᠠ
ᠬᠢᠨᠠᠭᠴᠢ᠄ ᠣᠳᠬᠠᠨᠰᠣ᠎ᠠ᠂ ᠨᠠᠷᠠᠨᠲᠤᠶᠠᠭ᠎ᠠ᠂ ᠰᠡᠬᠡᠭᠡᠷᠡᠯ ᠂ ᠭᠡᠷᠡᠯ
