ᠲᠠᠪᠤᠨ ᠰᠡᠭᠦᠯ ᠲᠡᠢ ᠮᠤᠤᠷ-ᠯᠣᠪᠰᠠᠩᠴᠠᠩᠳᠠ ᠶ᠋ᠢᠨ ᠪᠠᠶᠠᠰᠬᠤᠯᠠᠩ Таван сүүлтэй муур-лувсанцандын баясгалан
ᠯᠣᠪᠰᠠᠩᠴᠠᠩᠳᠠ ᠶ᠋ᠢᠨ ᠪᠠᠶᠠᠰᠬᠤᠯᠠᠩ
ᠬᠠᠢᠷᠠᠲᠠᠢ ᠮᠤᠤᠷ ᠢ᠋ᠶ᠋ᠠᠨ
ᠬᠠᠷᠠᠭᠠᠳ ᠵᠢᠷᠤᠴᠢᠬᠠᠯᠠ᠂
ᠰᠡᠭᠦᠯ ᠨᠢ ᠠᠷᠠᠢ ᠯᠠ
ᠰᠦᠷ ᠦᠭᠡᠢ ᠰᠠᠨᠠᠭᠳᠠᠯ᠎ᠠ᠃
ᠠᠮᠢᠲᠠᠨ ᠤ᠋ ᠵᠢᠷᠤᠭ ᠲᠠᠢ
ᠨᠣᠮ ᠢ᠋ᠶ᠋ᠠᠨ ᠰᠡᠬᠦᠯ᠎ᠡ᠂
ᠠᠶᠠᠲᠠᠢᠬᠠᠨ ᠰᠡᠭᠦᠯ
ᠵᠥᠩᠳᠡᠭᠡᠨ ᠪᠠᠢᠯ᠎ᠠ᠃
ᠬᠡᠨ ᠳ᠋ᠦ᠍ ᠴᠦ᠍ ᠰᠣᠨᠢᠨ
ᠬᠠᠷᠠᠭᠳᠠᠨ᠎ᠠ ᠭᠡᠳ
ᠬᠡᠷᠡᠮᠦ ᠶ᠋ᠢᠨ ᠰᠡᠭᠦᠯ
ᠨᠡᠮᠡᠨ ᠵᠢᠷᠤᠯ᠎ᠠ᠃
ᠦᠷᠭᠦᠯᠵᠢ ᠭᠠᠩᠭᠠᠩ
ᠦᠵᠡᠭᠳᠡᠨ᠎ᠡ ᠭᠡᠳ
ᠦᠨᠡᠭᠡᠨ ᠦ᠌ ᠰᠡᠭᠦᠯ
ᠵᠠᠯᠭᠠᠨ ᠵᠢᠷᠤᠯ᠎ᠠ᠃
ᠴᠣᠬᠣᠮ ᠬᠡᠢᠮᠣᠷᠢᠯᠢᠭ
ᠠᠮᠢᠲᠠᠨ ᠤ᠋ ᠬᠢ ᠭᠡᠳ
ᠴᠢᠨᠣ᠎ᠠ ᠶ᠋ᠢᠨ ᠰᠡᠭᠦᠯ
ᠳᠠᠬᠢᠨ ᠨᠡᠮᠡᠯ᠎ᠡ᠃
ᠪᠠᠢᠩᠭᠤ ᠬᠦᠴᠦᠲᠡᠢ
ᠠᠷᠢᠶᠠᠲᠠᠨ ᠤ᠋ ᠬᠢ ᠭᠡᠳ
ᠪᠠᠷᠰ ᠤ᠋ᠨ ᠰᠡᠭᠦᠯ
ᠪᠠᠰᠠ ᠯᠠ ᠨᠡᠮᠡᠯ᠎ᠡ᠃
《ᠠᠯᠢ ᠰᠡᠭᠦᠯ ᠨᠢ
ᠭᠣᠶᠣ ᠪᠣᠢ?》 ᠭᠡᠰᠡᠨ
ᠠᠰᠠᠭᠤᠯᠲᠠ ᠶ᠋ᠢ ᠪᠢ
ᠠᠬ᠎ᠠ ᠳ᠋ᠠᠭᠠᠨ ᠲᠠᠯᠪᠢᠯ᠎ᠠ᠃
ᠲᠠᠪᠤᠨ ᠰᠡᠭᠦᠯ ᠢ᠋
ᠬᠠᠷᠠᠭᠰᠠᠨ ᠢ᠋ᠶ᠋ᠠᠨ ᠠᠬ᠎ᠠ
《ᠲᠠᠭᠠᠷᠠᠭᠰᠠᠨ ᠰᠡᠭᠦᠯ ᠨᠢ
ᠳᠡᠭᠡᠷ᠎ᠡ ᠳᠡ!》 ᠭᠡᠯᠡ᠃
ᠬᠠᠷᠢᠨ ᠲᠡᠭᠡᠲᠡᠯ᠎ᠡ ᠪᠢ
ᠠᠩᠬᠠᠯᠠᠨ ᠵᠢᠷᠤᠭᠰᠠᠨ
ᠬᠠᠢᠷᠠᠲᠠᠢ ᠮᠤᠤᠷ ᠤ᠋ᠨ ᠢ᠋ᠶ᠋ᠠᠨ
ᠰᠡᠭᠦᠯ ᠢ᠋ ᠲᠠᠨᠢᠭᠰᠠᠨ ᠦᠭᠡᠢ
ᠦᠰᠦᠭ ᠠᠮᠢᠯᠠᠭᠤᠯᠤᠭᠴᠢ᠄ ᠭᠡᠷᠡᠯ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
