ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠠᠷᠪᠠ) Сэрүүхэн тал нутаг–<свис> Вальтер Босгард (Walter Bosshard)- Дөрөвдүгээр бөлөг 10
ᠠᠷᠪᠠ ᠂ ᠪᠦᠰᠡᠭᠦᠢᠴᠦᠦᠯ ᠦ᠋ᠨ ᠶᠠᠷᠢᠯᠴᠠᠭ᠎ᠠ ᠵᠢᠴᠢ ᠳᠡᠭᠡᠷᠡᠮᠴᠢᠳ
– ᠨᠠᠷᠠ ᠴᠦ᠍ ᠡᠭᠦᠯᠡᠨ ᠴᠠᠭᠠᠨ᠎ᠠ ᠣᠷᠣᠴᠢᠬᠠᠯ᠎ᠠ᠃ ᠪᠢ ᠥᠨᠥᠳᠥᠷ ᠤᠯᠠᠭᠠᠨ ᠲᠤᠷᠤᠭ ᠰᠠᠷᠠᠨ᠎ᠠ ᠶ᠋ᠢᠨ ᠴᠡᠴᠡᠭ ᠲᠡᠭᠦᠵᠦ ᠳᠡᠢᠯᠬᠦ ᠦᠭᠡᠢ ᠪᠣᠯᠵᠠᠢ ᠭᠡᠵᠦ ᠠᠯᠲᠠᠨᠴᠡᠴᠡᠭ ᠭᠣᠮᠣᠳᠠᠯᠲᠠᠢ ᠶᠠᠷᠢᠭᠠᠳ ᠮᠢᠨᠦ ᠰᠣᠨᠢᠨ ᠤᠩᠰᠢᠵᠤ ᠪᠠᠢᠭ᠎ᠠ ᠶ᠋ᠢ ᠪᠠᠬᠠᠨ ᠬᠠᠷᠠᠭᠰᠠᠨ ᠢ᠋ᠶ᠋ᠠᠨ᠄
– ᠴᠢ ᠴᠦ᠍ ᠥᠨᠥᠳᠥᠷ ᠲᠡᠷᠡ ᠲᠠᠨᠢᠬᠤ ᠦᠭᠡᠢ ᠣᠯᠠᠨ ᠲᠡᠮᠳᠡᠭ ᠢ᠋ ᠦᠵᠡᠵᠦ ᠪᠣᠯᠤᠭᠰᠠᠨ ᠪᠠᠢᠬ᠎ᠠ ᠳᠠ! ᠪᠣᠷᠣᠭᠠᠨ ᠣᠷᠣᠨ᠎ᠠ ᠭᠡᠵᠦ ᠪᠠᠢᠨ᠎ᠠ ᠰᠢᠦ ᠭᠡᠳ ᠭᠠᠳᠠᠭᠰᠢ ᠭᠠᠷᠴᠤ᠂ ᠲᠣᠭᠣᠨᠣ ᠶ᠋ᠢ ᠪᠦᠲᠡᠭᠡᠯᠡ᠃
ᠪᠢ ᠰᠣᠨᠢᠨ ᠢ᠋ᠶ᠋ᠠᠨ ᠬᠤᠷᠢᠶᠠᠵᠤ ᠲᠠᠯᠪᠢᠭᠠᠳ ᠠᠯᠲᠠᠨᠴᠡᠴᠡᠭ ᠦ᠋ᠨ ᠣᠷᠣᠵᠤ ᠢᠷᠡᠬᠦ ᠶ᠋ᠢ ᠬᠦᠯᠢᠶᠡᠬᠦ ᠳ᠋ᠦ᠍ ᠭᠠᠳᠠᠨ᠎ᠠ ᠲᠡᠭᠦᠨ ᠦ᠌ ᠭᠡᠷ ᠦ᠋ᠨ ᠤᠶᠠᠭ᠎ᠠ ᠴᠢᠭᠲᠠᠭ᠎ᠠ ᠶ᠋ᠢ ᠴᠢᠩᠭᠠᠯᠠᠵᠤ ᠪᠠᠢᠬᠤ ᠨᠢ ᠰᠣᠨᠣᠰᠳᠠᠵᠤ ᠪᠠᠢᠪᠠ᠃ ᠲᠡᠷᠡ ᠡᠭᠦᠳᠡᠨ ᠳᠡᠭᠡᠷ᠎ᠡ ᠵᠣᠭᠰᠣᠵᠤ ᠬᠣᠯᠠ ᠶ᠋ᠢᠨ ᠲᠠᠯ᠎ᠠ ᠳ᠋ᠤ᠌ ᠳᠠᠪᠬᠢᠵᠤ ᠪᠠᠢᠭ᠎ᠠ ᠮᠣᠷᠢᠲᠠᠨ ᠢ᠋ ᠨᠡᠯᠢᠶᠡᠳ ᠤᠳᠠᠭᠠᠨ ᠬᠠᠷᠠᠵᠤ ᠵᠣᠭᠰᠣᠪᠠ᠃ ᠰᠠᠯᠬᠢᠨ ᠳ᠋ᠤ᠌ ᠲᠡᠷᠯᠢᠭ ᠦ᠋ᠨ ᠬᠣᠷᠮᠣᠢ ᠨᠢ ᠳᠡᠷᠪᠡᠯᠵᠡᠵᠦ᠂ ᠴᠢᠩᠭ᠎ᠠ ᠪᠦᠰᠡᠯᠡᠭᠰᠡᠨ ᠲᠡᠷᠯᠢᠭ ᠦ᠋ᠨ ᠨᠢᠮᠭᠡᠬᠡᠨ ᠪᠥᠰ ᠨᠢ ᠬᠥᠭᠡᠷᠦᠬᠦᠨ ᠵᠢᠵᠢᠭ ᠬᠥᠬᠥ ᠶ᠋ᠢ ᠨᠢ ᠱᠤᠭᠤᠨ ᠭᠠᠷᠭᠠᠵᠠᠢ᠃
– ᠴᠢ ᠲᠡᠭᠡᠭᠡᠳ ᠶᠠᠭᠤᠨ ᠤ᠋ ᠲᠥᠯᠥᠭᠡ ᠤᠯᠠᠭᠠᠨ ᠲᠤᠷᠤᠭ ᠰᠠᠷᠠᠨ᠎ᠠ ᠲᠡᠭᠦᠨ᠎ᠡ ᠭᠡᠵᠦ ᠪᠠᠢᠬᠤ ᠪᠣᠢ? ᠭᠡᠵᠦ ᠪᠢ ᠠᠰᠠᠭᠤᠪᠠ᠃
– ᠬᠤᠷᠢᠮ ᠤ᠋ᠨ ᠡᠳᠦᠷ ᠲᠦ᠍ ᠰᠠᠢᠬᠠᠨ ᠪᠠᠢᠬᠤ ᠶ᠋ᠢᠨ ᠲᠥᠯᠥᠭᠡ ᠶᠦᠮ ᠭᠡᠳ ᠡᠷᠡᠭᠦᠯ ᠴᠠᠭᠠᠨ ᠰᠢᠳᠦ ᠪᠡᠨ ᠭᠠᠷᠭᠠᠨ ᠢᠷᠠᠯᠵᠠᠨ ᠢᠨᠢᠶᠡᠭᠰᠡᠨ ᠢ᠋ᠶ᠋ᠡᠨ (ᠵᠢᠷᠤᠭ 97) ᠂ ᠴᠡᠴᠡᠭ ᠢ᠋ ᠵᠠᠪᠠᠯ ᠡᠭᠦᠯᠡ ᠦᠭᠡᠢ ᠨᠠᠷᠠ ᠲᠠᠢ ᠰᠠᠢᠬᠠᠨ ᠡᠳᠦᠷ ᠲᠡᠭᠦᠳᠡᠭ ᠂ ᠢᠩᠭᠢᠮᠡᠨᠵᠢᠨ ᠰᠠᠶᠢ ᠬᠠᠮᠤᠭ ᠤ᠋ᠨ ᠰᠠᠢᠬᠠᠨ ᠤᠯᠠᠭᠠᠨ ᠥᠩᠭᠡ ᠨᠢ ᠭᠠᠷᠳᠠᠭ ᠶᠤᠮ (ᠵᠢᠷᠤᠭ 95) ᠃ ᠭᠡᠬᠦ ᠳ᠋ᠦ᠍ ᠣᠳᠣ ᠪᠣᠷᠣᠭᠠᠯᠠᠬᠤ ᠨᠢ! ᠤᠳᠠᠬᠤ ᠦᠭᠡᠢ ᠪᠢ ᠪᠠᠰᠠ ᠭᠡᠷ ᠲᠡᠭᠡᠨ ᠬᠠᠷᠢᠵᠤ ᠰᠠᠷᠵᠢ ᠶ᠋ᠢᠨ ᠬᠣᠨᠢ ᠰᠠᠭᠠᠬᠤ ᠳ᠋ᠤ᠌ ᠬᠠᠮᠵᠢᠬᠤ ᠦᠭᠡᠢ ᠪᠣᠯᠬᠤ ᠦᠭᠡᠢ ᠳᠡ ᠭᠡᠵᠦ ᠳᠤᠷ᠎ᠠ ᠮᠠᠭᠤᠲᠠᠢᠬᠠᠨ ᠶᠠᠷᠢᠯ᠎ᠠ᠃
ᠠᠯᠲᠠᠨᠴᠡᠴᠡᠭ ᠦᠳᠡ ᠶ᠋ᠢᠨ ᠡᠮᠦᠨ᠎ᠡ ᠷᠠᠰᠢ ᠲᠠᠢ ᠴᠣᠭ ᠬᠦᠷᠴᠦ ᠢᠷᠡᠭᠡᠳ ᠷᠠᠰᠢ ᠵᠡᠷᠭᠡᠯᠡᠳᠡᠭᠡ ᠠᠢᠯ ᠳ᠋ᠤ᠌ ᠨᠢᠭᠡ ᠮᠣᠷᠢ ᠪᠠᠨ ᠬᠤᠳᠠᠯᠳᠤᠬᠤ ᠪᠠᠷ ᠶᠠᠪᠤᠭᠰᠠᠨ ᠶᠤᠮ᠃ ᠠᠯᠲᠠᠨᠴᠡᠴᠡᠭ ᠦᠷᠡᠳᠠᠨᠳᠠᠷ ᠬᠥᠭᠰᠢᠨ ᠲᠡᠢ ᠪᠠᠬᠠᠨ ᠶᠠᠷᠢᠯᠴᠠᠭᠰᠠᠨ ᠢ᠋ᠶ᠋ᠠᠨ ᠮᠢᠨᠦ ᠬᠣᠨᠣᠭᠯᠠᠵᠤ ᠪᠠᠢᠭ᠎ᠠ ᠲᠡᠭᠦᠨ ᠦ᠌ ᠰᠢᠨ᠎ᠡ ᠭᠡᠷ ᠲᠡᠬᠢ ᠲᠠᠨᠢᠯ ᠪᠤᠰᠤ ᠵᠦᠢᠯᠡᠰ ᠢ᠋ ᠭᠠᠢᠬᠠᠨ ᠬᠠᠷᠠᠵᠤ ᠪᠠᠢᠪᠠ᠃ ᠲᠡᠷᠡ ᠳᠠᠭᠤᠤ ᠲᠠᠯᠪᠢᠬᠤ ᠮᠠᠰᠢᠨ ᠢ᠋ ᠰᠣᠨᠣᠰᠬᠤ ᠰᠠᠨᠠᠭ᠎ᠠ ᠲᠠᠢ ᠪᠥᠭᠡᠳ ᠮᠢᠨᠦ ᠲᠡᠮᠦᠷ ᠬᠦᠷᠢᠶ᠎ᠡ ᠲᠡᠢ ᠲᠣᠯᠢᠨ ᠳ᠋ᠤ᠌ ᠵᠢᠰᠦ ᠪᠡᠨ ᠬᠠᠷᠠᠬᠤ ᠰᠠᠨᠠᠭ᠎ᠠ ᠲᠠᠢ ᠪᠠᠢᠪᠠ᠃
– ᠵᠠ ᠴᠢ᠂ ᠪᠠᠨᠳᠢᠩ ᠢ᠋ ᠰᠠᠨᠠᠵᠤ ᠡᠬᠢᠯᠡᠯ᠎ᠡ ᠪᠢᠵᠡ? ᠴᠢ ᠬᠡᠷᠪᠡ ᠡᠷ᠎ᠡ ᠳ᠋ᠦ᠍ ᠮᠣᠷᠳᠠᠭᠠᠳ ᠪᠢᠴᠢᠬᠠᠨ ᠬᠡᠦᠬᠡᠳ ᠦ᠋ᠳ ᠠᠳᠠ ᠤᠬᠢᠯᠠᠨ ᠴᠢᠷᠠᠯᠠᠵᠤ ᠪᠠᠢᠪᠠᠯ ᠶᠠᠭᠠᠬᠢᠨ᠎ᠠ ᠪᠢᠯᠡ? ᠭᠡᠵᠦ ᠪᠢ ᠲᠡᠭᠦᠨ ᠢ᠋ ᠱᠣᠭᠯᠠᠬᠤ ᠳ᠋ᠤ᠌ ᠲᠡᠷᠡ ᠭᠡᠳᠡᠭᠡᠨᠡᠨ ᠢᠨᠢᠶᠡᠭᠰᠡᠭᠡᠷ ᠴᠠᠭᠠᠰᠢ ᠪᠠᠨ ᠬᠠᠷᠠᠯ᠎ᠠ᠃
– ᠴᠢ ᠲᠡᠭᠡᠭᠡᠳ ᠡᠭᠡᠮᠦᠭ ᠢ᠋ᠶ᠋ᠡᠨ ᠣᠯᠤᠭᠰᠠᠨ ᠤᠤ? ᠯᠠᠮᠠ ᠲᠡᠭᠡᠭᠡᠳ ᠶᠠᠭᠤ ᠭᠡᠵᠦ ᠬᠡᠯᠡᠵᠦ ᠪᠠᠢᠨ᠎ᠠ? ᠭᠡᠵᠦ ᠪᠢ ᠠᠰᠠᠭᠤᠪᠠ᠃ ᠲᠡᠷᠡ ᠴᠢᠷᠠᠢ ᠪᠠᠨ ᠲᠥᠪ ᠪᠣᠯᠭᠠᠨ ᠨᠢᠭᠡ ᠴᠢᠮᠡᠭᠯᠡᠯ ᠨᠢ ᠳᠤᠲᠠᠭᠰᠠᠨ ᠡᠭᠡᠮᠦᠭ ᠢ᠋ᠶ᠋ᠡᠨ ᠲᠡᠮᠲᠡᠷᠢᠰᠬᠢᠭᠰᠡᠨ ᠢ᠋ᠶ᠋ᠡᠨ:
– ᠪᠢ ᠴᠢᠮ᠎ᠠ ᠠ᠋ᠴᠠ ᠪᠣᠯᠵᠤ ᠰᠠᠨᠳᠤᠷᠴᠤ ᠪᠠᠴᠢᠮᠳᠠᠭᠠᠳ ᠡᠭᠡᠮᠦᠭ ᠢ᠋ᠶ᠋ᠡᠨ ᠠᠰᠠᠭᠤᠬᠤ ᠪᠠᠨ ᠮᠠᠷᠲᠠᠵᠤ ᠣᠷᠬᠢᠭᠰᠠᠨ ᠪᠠᠢᠨ᠎ᠠ ᠭᠡᠯᠡ᠃
– ᠲᠡᠭᠡᠭᠡᠳ ᠦᠷ᠎ᠡ ᠬᠡᠦᠬᠡᠳ?
– ᠬᠤᠷᠢᠮ ᠠ᠋ᠴᠠ ᠰᠡᠭᠦᠯᠡᠷ ᠤᠳᠠᠯ ᠦᠭᠡᠢ ᠬᠡᠦᠬᠡᠳ ᠲᠡᠢ ᠪᠣᠯᠤᠨ᠎ᠠ ᠭᠡᠰᠡᠨ᠃
– ᠪᠢ ᠲᠡᠭᠡᠵᠦ ᠬᠡᠯᠡᠭᠰᠡᠨ ᠦᠭᠡᠢ ᠤᠤ? ᠦᠵᠡ ᠯᠡ ᠳᠡ᠃
– ᠴᠢᠮ᠎ᠠ ᠳ᠋ᠤ᠌ ᠪᠢ ᠬᠠᠷᠢᠨ ᠢᠲᠡᠭᠡᠵᠦ ᠪᠣᠯᠬᠤ ᠦᠭᠡᠢ ᠰᠢᠦ᠃
– ᠶᠠᠭᠠᠬᠢᠭᠠᠳ ᠪᠣᠯᠳᠠᠭ ᠦᠭᠡᠢ ᠶᠦᠮ?
– ᠴᠢ ᠲᠠᠩᠳᠠ ᠬᠥᠮᠦᠨ ᠢ᠋ ᠱᠣᠭᠯᠠᠭᠠᠳ ᠪᠠᠢᠳᠠᠭ ᠪᠥᠭᠡᠳ ᠴᠢ ᠴᠦ᠍ ᠯᠠᠮᠠ ᠪᠢᠰᠢ ᠰᠢᠦ ᠳᠡ᠃
– ᠪᠢ ᠬᠠᠷᠢᠨ ᠳᠠᠷᠠᠭ᠎ᠠ ᠲᠥᠷᠥᠯ ᠳ᠋ᠡᠭᠡᠨ ᠨᠢᠭᠡ ᠨᠡᠷᠡᠲᠡᠢ ᠲᠣᠮᠣ ᠯᠠᠮᠠ ᠪᠠᠢᠵᠤ ᠮᠡᠳᠡᠨ᠎ᠡ ᠰᠢᠦ᠃ ᠲᠡᠭᠡᠪᠡᠯ ᠴᠢ ᠨᠠᠳᠠ ᠳᠡᠭᠡᠷ᠎ᠡ ᠢᠷᠡᠬᠦ ᠤᠤ?
– ᠬᠡᠷᠪᠡ ᠪᠢ ᠴᠢᠮᠠᠶ᠋ᠢ ᠬᠠᠮᠢᠭ᠎ᠠ ᠳᠠᠬᠢᠵᠤ ᠲᠥᠷᠥᠯ ᠣᠯᠤᠭᠰᠠᠨ ᠢ᠋ ᠴᠢᠨᠢ ᠮᠡᠳᠡᠪᠡᠯ ᠯᠠᠪ ᠬᠦᠷᠴᠦ ᠮᠥᠷᠭᠥᠯ ᠬᠢᠨ᠎ᠡ ᠳᠡ ᠭᠡᠵᠦ ᠲᠡᠷᠡ ᠨᠡᠯᠢᠶᠡᠳ ᠪᠣᠳᠣᠯᠬᠢᠯᠠᠭᠰᠠᠨ ᠤ᠋ ᠳᠠᠷᠠᠭ᠎ᠠ ᠬᠠᠷᠢᠭᠤᠯᠪᠠ᠃
ᠪᠣᠷᠣᠭᠠᠨ ᠤ᠋ ᠲᠣᠮᠣ ᠲᠣᠮᠣ ᠳᠤᠰᠤᠯ ᠤ᠋ᠳ ᠭᠡᠷ ᠦ᠋ᠨ ᠮᠢᠨᠢ ᠵᠥᠭᠡᠯᠡᠨ ᠳᠡᠭᠡᠪᠦᠷ ᠢ᠋ ᠳᠤᠤᠭᠠᠷᠭᠠᠵᠤ ᠡᠬᠢᠯᠡᠪᠡ᠃ ᠠᠯᠳᠠᠨᠴᠡᠴᠭ ᠡᠭᠦᠳᠡᠨ ᠦ᠌ ᠬᠠᠵᠠᠭᠤ ᠳ᠋ᠤ᠌ ᠰᠠᠭᠤᠭᠠᠳ ᠲᠤᠭᠤᠯ ᠬᠠᠷᠢᠭᠤᠯᠵᠤ ᠶᠠᠪᠤᠭᠰᠠᠨ ᠦᠷᠡᠳᠡᠨᠲᠡᠷ ᠢ᠋ ᠭᠡᠷ ᠲᠦ᠍ ᠳᠠᠭᠤᠳᠠᠨ ᠣᠷᠣᠭᠤᠯᠪᠠ ᠃ ᠪᠢ ᠲᠡᠳᠡᠨ ᠦ᠌ ᠬᠡᠷᠬᠢᠨ ᠤᠯᠠᠭᠠᠨ ᠲᠤᠷᠤᠭ ᠰᠠᠷᠠᠨ᠎ᠠ ᠶ᠋ᠢᠨ ᠴᠡᠴᠡᠭ ᠢ᠋ ᠰᠠᠢᠬᠠᠨ ᠨᠠᠢᠷᠠᠭᠤᠯᠬᠤ ᠲᠤᠬᠠᠢ ᠶᠠᠷᠢᠯᠴᠠᠬᠤ ᠶ᠋ᠢ ᠰᠣᠨᠣᠰᠴᠤ ᠰᠠᠭᠤᠪᠠ ᠃ ᠬᠥᠭᠰᠢᠨ ᠨᠢ ᠵᠠᠯᠠᠭᠤ ᠳ᠋ᠠᠭᠠᠨ ᠥᠪᠡᠷ ᠦ᠋ᠨ ᠨᠢᠭᠤᠴᠠ ᠠᠷᠭ᠎ᠠ ᠪᠠᠨ ᠲᠠᠨᠢᠯᠴᠠᠭᠤᠯᠬᠤ ᠳ᠋ᠠᠭᠠᠨ :
– ᠴᠡᠴᠡᠭ ᠢ᠋ ᠶᠡᠬᠡ ᠤᠳᠠᠭᠠᠨ ᠲᠠᠯᠪᠢᠵᠤ ᠪᠣᠯᠳᠠᠭ ᠦᠭᠡᠢ ᠶᠦᠮ᠂ ᠲᠡᠭᠡᠪᠡᠯ ᠴᠢᠨᠠᠷ ᠨᠢ ᠠᠯᠳᠠᠭᠳᠠᠳᠠᠭ᠃ ᠬᠠᠮᠤᠭ ᠤ᠋ᠨ ᠰᠠᠢᠨ ᠨᠢ ᠣᠯᠠᠨ ᠤᠳᠠᠭ᠎ᠠ ᠶᠠᠪᠤᠵᠤ ᠰᠢᠨᠡᠬᠡᠨ ᠴᠡᠴᠡᠭ ᠦ᠋ᠨ ᠬᠡᠯᠲᠡᠰ ᠢ᠋ ᠠᠪᠴᠢᠷᠠᠵᠤ᠂ ᠵᠠᠯᠠᠭᠤ ᠬᠣᠨᠢᠨ ᠤ᠋ ᠰᠦ ᠶ᠋ᠢᠨ ᠵᠥᠭᠡᠬᠡᠢ ᠲᠡᠢ ᠬᠣᠯᠢᠵᠤ ᠵᠢᠭᠤᠷᠠᠭᠠᠳ᠂ ᠦᠳᠡᠰᠢ ᠶ᠋ᠢᠨ ᠲᠤᠶᠠᠭᠠᠨ ᠤ᠋ ᠥᠩᠭᠡ ᠲᠡᠢ ᠥᠳᠬᠡᠨ ᠪᠣᠯᠭᠠᠪᠠᠯ ᠪᠣᠯᠤᠨ᠎ᠠ ( ᠵᠢᠷᠤᠭ 59. 95. 97 ) ᠃
ᠠᠯᠳᠠᠨᠴᠡᠴᠭ ᠭᠦᠢᠴᠡᠳ ᠠᠩᠬᠠᠷᠤᠯ ᠲᠠᠯᠪᠢᠨ ᠰᠣᠨᠣᠰᠴᠤ᠂ ᠲᠡᠷᠡ ᠶᠣᠰᠣ ᠪᠠᠷ ᠬᠢᠬᠦ ᠪᠡᠨ ᠴᠦ᠍ ᠠᠮᠠᠯᠠᠵᠤ ᠪᠠᠢᠯ᠎ᠠ᠃ ᠲᠡᠭᠡᠭᠡᠳ ᠨᠠᠳᠠ ᠳ᠋ᠤ᠌ ᠰᠣᠨᠣᠰᠬᠠᠬᠤ ᠦᠭᠡᠢ ᠭᠡᠵᠦ ᠳᠣᠣᠷ᠎ᠠ ᠳᠠᠭᠤᠨ ᠢ᠋ᠶ᠋ᠠᠷ《ᠪᠠᠨᠳᠢᠩ ᠳ᠋ᠤ᠌ ᠬᠡᠷᠡᠭ ᠲᠡᠢ ᠡᠢᠮᠦ ᠵᠦᠢᠯᠡᠰ ᠪᠠᠢᠬᠤ ᠶ᠋ᠢ ᠴᠢ ᠪᠠᠰᠠ ᠮᠡᠳᠡᠨ᠎ᠡ ᠤᠤ? ᠮᠢᠨᠦ ᠬᠡᠯᠡᠵᠦ ᠪᠠᠢᠭ᠎ᠠ ᠪᠣᠯ ᠲᠡᠭᠦᠨ ᠢ᠋ ᠣᠨᠳᠣᠣ ᠪᠦᠰᠡᠭᠦᠢ ᠳ᠋ᠦ᠍ ᠣᠢᠷᠠᠲᠤᠭᠤᠯᠳᠠᠭ ᠦᠭᠡᠢ ᠵᠦᠢᠯᠡᠰ 》ᠭᠡᠵᠦ ᠢᠴᠢᠭᠰᠡᠨ ᠮᠡᠲᠦ ᠰᠡᠮᠡᠬᠡᠷ ᠠᠰᠠᠭᠤᠯ᠎ᠠ᠃ ᠦᠷᠡᠳᠡᠨᠲᠡᠷ ᠥᠨᠳᠥᠷ ᠳᠠᠭᠤ ᠪᠠᠷ ᠢᠨᠢᠶᠡᠯ᠎ᠡ᠃
– ᠲᠡᠢᠮᠦ ᠶᠠᠭᠤᠮ᠎ᠠ ᠬᠠᠷᠢᠨ ᠠᠯᠠᠭ᠎ᠠ ᠰᠢᠦ ᠳᠡ᠃ ᠵᠠᠯᠠᠭᠤ ᠪᠠᠢᠬᠤ ᠳ᠋ᠠᠭᠠᠨ ᠪᠢ ᠭᠣᠮᠪᠣ ᠳ᠋ᠤ᠌ ᠶᠠᠭᠤᠮ᠎ᠠ ᠪᠦᠬᠦᠨ ᠢ᠋ ᠬᠡᠷᠡᠭᠯᠡᠵᠦ ᠥᠩᠭᠡᠷᠡᠭᠰᠡᠨ ᠠ᠋! ᠭᠡᠬᠦ ᠳ᠋ᠦ᠍ ᠲᠡᠷᠡ ᠮᠥᠨ ᠯᠡ ᠥᠩᠭᠡ ᠴᠦ᠍ ᠦᠭᠡᠢ ᠵᠢᠰᠦ ᠴᠦ᠍ ᠦᠭᠡᠢ ᠷᠦᠭᠵᠢᠳᠮᠠ ᠪᠣᠯᠤᠨ ᠣᠨᠳᠣᠣ ᠪᠦᠰᠡᠭᠦᠢ ᠳᠡᠭᠡᠷ᠎ᠡ ᠬᠦᠷᠳᠡᠭ ᠯᠡ ᠪᠠᠢᠭᠰᠠᠨ ᠭᠡᠳ ᠬᠠᠵᠠᠭᠤ ᠳ᠋ᠠᠭᠠᠨ ᠬᠥᠮᠦᠨ ᠪᠠᠢᠭ᠎ᠠ ᠶ᠋ᠢ ᠥᠴᠦᠬᠡᠨ ᠴᠦ᠍ ᠣᠢᠰᠢᠶᠠᠯ ᠦᠭᠡᠢ ᠡᠭᠦᠳᠡ ᠪᠡᠷ ᠭᠠᠳᠠᠭᠰᠢ ᠪᠠᠨ ᠪᠣᠷᠣᠭᠠᠨ ᠤᠷᠤᠭᠤ ᠨᠤᠯᠮᠤᠭᠰᠠᠨ ᠢ᠋ᠶ᠋ᠠᠨ ᠵᠠᠯᠭᠠᠭᠠᠳ᠄
– ᠡᠷᠡᠴᠦᠦᠯ ᠭᠡᠵᠦ ᠮᠥᠨ ᠡᠢᠮᠦ ᠯᠡ ᠳᠡ᠂ ᠬᠡᠷᠡᠭ ᠦᠭᠡᠢ ᠮᠥᠷᠲᠡᠭᠡᠨ ᠦᠯᠢᠶᠡᠬᠦ ᠳᠤᠷᠠᠲᠠᠢ᠃ ᠨᠠᠳᠠ ᠲᠠᠢ ᠠᠳᠠᠯᠢ ᠬᠢᠵᠦ ᠯᠡ ᠪᠠᠢᠭᠠᠷᠠᠢ᠂ ᠬᠡᠷᠪᠡ ᠲᠡᠷᠡ ᠨᠢᠭᠡ ᠪᠦᠰᠡᠭᠦᠢ ᠶ᠋ᠢᠨ ᠬᠠᠵᠠᠭᠤ ᠳ᠋ᠤ᠌ ᠤᠳᠠᠭᠠᠨ ᠰᠠᠭᠤᠭᠠᠳ ᠪᠠᠢᠪᠠᠯ ᠭᠡᠵᠢᠭᠡᠳᠡᠵᠦ ᠠᠪᠤᠭᠠᠳ ᠯᠠ ᠭᠡᠷ ᠡᠴᠡ ᠭᠠᠷᠳᠠᠭ ᠬᠡᠷᠡᠭ᠃
– ᠲᠡᠭᠡᠵᠦ ᠬᠠᠷᠢᠨ ᠪᠢ ᠴᠢᠳᠠᠬᠤ ᠦᠭᠡᠢ ᠰᠢᠦ᠂ ᠲᠡᠭᠡᠭᠡᠳ ᠮᠥᠨ ᠪᠠᠨᠳᠢᠩ ᠳ᠋ᠤ᠌ ᠲᠡᠢᠮᠦ ᠭᠡᠵᠢᠭᠡ ᠴᠦ᠍ ᠠᠯᠠᠭ᠎ᠠ ᠭᠡᠵᠦ ᠠᠯᠳᠠᠨᠴᠡᠴᠭ ᠪᠢᠰᠢᠭᠦᠷᠬᠡᠨ ᠬᠡᠯᠡᠪᠡ᠃
– ᠦᠷᠡᠳᠡᠨᠲᠡᠷ ᠠ᠋! ᠭᠣᠮᠪᠣ ᠶ᠋ᠢ ᠮᠣᠷᠢᠨ ᠠᠷᠠᠯᠵᠢᠶᠠᠨ ᠳ᠋ᠤ᠌ ᠶᠠᠪᠤᠭᠰᠠᠨ ᠤ᠋ ᠬᠣᠢᠨ᠎ᠠ ᠲᠠᠨ ᠤ᠋ ᠳ᠋ᠤ᠌ ᠨᠡᠯᠢᠶᠡᠳ ᠬᠣᠨᠣᠭ ᠪᠠᠢᠭᠰᠠᠨ ᠵᠠᠯᠠᠭᠤ ᠯᠠᠮᠠ ᠯᠤᠭ᠎ᠠ ᠶ᠋ᠢᠨ ᠦᠯᠢᠭᠡᠷ ᠢ᠋ᠶ᠋ᠡᠨ ᠶᠠᠷᠢᠭᠠᠴᠢ ᠳᠠ! ᠭᠡᠵᠦ ᠪᠢ ᠲᠡᠳᠡᠨ ᠦ᠌ ᠶᠠᠷᠢᠶ᠎ᠠ ᠶ᠋ᠢ ᠲᠠᠰᠤᠯᠤᠯ᠎ᠠ᠃ ᠲᠡᠷᠡ ᠬᠥᠭᠰᠢᠨ ᠬᠤᠷᠳᠤᠨ ᠭᠡᠭᠴᠢ ᠡᠷᠭᠢᠨ ᠨᠠᠳᠠ ᠤᠷᠤᠭᠤ ᠮᠠᠭᠤᠬᠠᠢ ᠭᠥᠯᠢᠢᠵᠦ ᠬᠠᠷᠠᠭᠰᠠᠨ ᠢ᠋ᠶ᠋ᠠᠨ᠄
– ᠲᠡᠷᠡ ᠪᠣᠯ ᠬᠤᠳᠠᠯ ! ᠲᠡᠭᠡᠭᠡᠳ ᠪᠢ ᠡᠷ᠎ᠡ ᠨᠥᠬᠥᠷ ᠦ᠋ᠨ ᠢ᠋ᠶ᠋ᠡᠨ ᠡᠵᠡᠭᠦᠢ ᠴᠠᠭ ᠲᠤ᠌ ᠪᠤᠷᠬᠠᠨ ᠤ᠋ ᠱᠠᠪᠢ ᠯᠠᠮᠠ ᠨᠠᠷ ᠢ᠋ ᠭᠡᠷ ᠲᠡᠭᠡᠨ ᠣᠷᠣᠭᠤᠯᠬᠤ ᠦᠭᠡᠢ ᠪᠠᠢᠬᠤ ᠶᠤᠮ ᠤᠤ? ᠴᠢ ᠢᠩᠭᠢᠵᠦ ᠡᠷᠲᠡ ᠦᠶ᠎ᠡ ᠶ᠋ᠢᠨ ᠡᠳᠡᠭᠡᠷ ᠦᠯᠢᠭᠡᠷ ᠲᠦ᠍ ᠳᠤᠷᠠᠯᠠᠬᠤ ᠶ᠋ᠢᠨ ᠣᠷᠣᠨ ᠳ᠋ᠤ᠌ ᠪᠢᠳᠡᠨ ᠦ᠌ ᠶᠣᠰᠣ ᠵᠠᠩᠰᠢᠯ ᠢ᠋ ᠢᠯᠡᠭᠦᠬᠡᠨ ᠰᠤᠷᠴᠤ ᠪᠠᠢᠭᠠᠴᠢ ᠳᠠ! ᠪᠦᠬᠦ ᠨᠠᠢ᠍ᠮᠠ ᠶ᠋ᠢᠨ ᠠᠭᠤᠯᠠᠨ ᠳ᠋ᠤ᠌ ᠶᠣᠰᠣ ᠵᠠᠶᠢᠭ ᠦᠭᠡᠢ ᠶᠠᠪᠤᠵᠤ ᠪᠠᠢᠭ᠎ᠠ ᠶ᠋ᠢ ᠴᠢᠨᠢ ᠶᠠᠷᠢᠵᠤ ᠪᠠᠢᠭ᠎ᠠ ᠰᠢᠦ ᠳᠡ᠂ ᠣᠢᠷ᠎ᠠ ᠳ᠋ᠤ᠌ ᠪᠠᠰᠠ ᠠᠨᠠᠨ ᠳ᠋ᠤ᠌ ᠶᠡᠬᠡ ᠯᠠᠮᠠ ᠶ᠋ᠢᠨ ᠲᠡᠨᠳᠡ ᠶᠠᠭᠠᠬᠢᠯ᠎ᠠ ᠭᠡᠨ᠎ᠡ? ᠪᠤᠷᠬᠠᠨ ᠤ᠋ ᠵᠢᠷᠤᠭ ᠢ᠋ᠶ᠋ᠠᠷ ᠡᠷᠭᠦᠯ ᠬᠢᠬᠦ ᠭᠡᠰᠡᠨ ᠢ᠋ ᠶᠠᠭᠠᠬᠢᠵᠤ ᠪᠣᠳᠣᠵᠤ ᠣᠯᠪᠠ ᠳᠠ᠃ ᠪᠠᠭᠰᠢ ᠴᠢᠨᠢ ᠴᠢᠨᠦ ᠲᠥᠯᠥᠭᠡ ᠢᠴᠡᠵᠦ ᠪᠠᠢᠬ᠎ᠠ ᠳᠠ ᠭᠡᠯᠡ᠃
– ᠲᠡᠷᠡ ᠴᠦ᠍ ᠪᠠᠰᠠ ᠥᠪᠡᠷ ᠲᠡᠭᠡᠨ ᠲᠡᠭᠡᠳᠡᠭ ᠶᠦᠮ ᠭᠡᠵᠦ ᠪᠢ ᠬᠠᠷᠢᠭᠤᠴᠠᠪᠠ᠃
ᠡᠨᠡ ᠬᠥᠭ᠍ᠰᠢᠨ ᠮᠢᠨᠦ ᠮᠠᠭᠤ ᠶ᠋ᠢ ᠶᠡᠬᠡ ᠤᠳᠠᠭᠠᠨ ᠶᠠᠷᠢᠭᠰᠠᠨ ᠪᠥᠭᠡᠳ ᠪᠣᠷᠣᠭᠠᠨ ᠵᠣᠭᠰᠣᠬᠤ ᠳ᠋ᠤ᠌ ᠡᠷᠡᠴᠦᠦᠯ ᠣᠨᠴᠠᠭᠠᠢᠯᠠᠨ ᠭᠣᠮᠪᠣ ᠶ᠋ᠢᠨ ᠲᠤᠬᠠᠢ ᠶᠠᠩᠰᠢᠭᠰᠠᠭᠠᠷ ᠬᠠᠵᠠᠭᠠᠴᠠᠨ ᠠᠯᠬᠤᠵᠤ ᠣᠳᠪᠠ᠃
ᠷᠠᠰᠢ ᠪᠤᠴᠠᠵᠤ ᠢᠷᠡᠬᠦ ᠳ᠋ᠡᠭᠡᠨ ᠠᠳᠠ ᠠ᠋ᠴᠠ ᠵᠡᠭᠦᠨᠰᠢ ᠶᠡᠬᠡ ᠬᠣᠯᠠ ᠠᠮᠢᠳᠤᠷᠠᠵᠤ ᠪᠠᠢᠳᠠᠭ ᠭᠡᠭᠦᠩᠭᠡ ᠲᠡᠢ ᠴᠣᠭ ᠢᠷᠡᠪᠡ᠃ ᠲᠡᠷᠡ ᠡᠷ᠎ᠡ ᠰᠢᠨ᠎ᠡ ᠪᠡᠯᠴᠢᠭᠡᠷ ᠬᠠᠢᠵᠤ ᠶᠠᠪᠤᠭ᠎ᠠ ᠠᠵᠢ᠃
– ᠨᠢᠭᠡ ᠲᠠᠯ᠎ᠠ ᠠ᠋ᠴᠠ ᠨᠢ ᠳᠡᠭᠡᠷᠡᠮᠴᠢᠳ ᠠᠶᠤᠯᠭᠠᠨ ᠰᠦᠷᠳᠡᠭᠦᠯᠵᠦ᠂ ᠨᠥᠭᠦᠭᠡ ᠲᠠᠯ᠎ᠠ ᠠ᠋ᠴᠠ ᠨᠢ ᠶᠠᠪᠤᠨᠴᠤᠳ ᠣᠢᠷᠠᠲᠤᠭᠰᠠᠭᠠᠷ ᠪᠣᠢ᠃ ᠣᠢᠷ᠎ᠠ ᠳ᠋ᠤ᠌ ᠲᠡᠨᠳᠡ ᠨᠢᠭᠡ ᠰᠦᠷᠦᠭ ᠠᠳᠤᠭᠤ ᠬᠤᠯᠠᠭᠠᠢ ᠳ᠋ᠤ᠌ ᠠᠯᠳᠠᠭᠳᠠᠵᠠᠢ᠃ ᠣᠳᠣ ᠪᠢᠳᠡᠨ ᠦ᠌ ᠨᠣᠣᠰᠣ ᠨᠣᠣᠯᠣᠭᠤᠷ ᠢ᠋ ᠠᠪᠳᠠᠭ ᠶᠠᠫᠣᠨ ᠠᠷᠠᠯᠵᠢᠶᠠᠴᠢᠳ ᠨᠢ ᠮᠥᠩᠭᠥᠨ ᠦ᠌ ᠣᠷᠣᠨ ᠳ᠋ᠤ᠌ ᠡᠳ᠋ ᠪᠠᠷᠠᠭ᠎ᠠ ᠥᠭᠳᠡᠭ ᠪᠣᠯᠤᠭᠰᠠᠨ ᠪᠥᠭᠡᠳ ᠲᠡᠷᠡ ᠪᠠᠷᠠᠭ᠎ᠠ ᠨᠢ ᠬᠢᠲᠠᠳ ᠬᠤᠳᠠᠯᠳᠤᠭᠠᠴᠢᠳ ᠤ᠋ᠨ ᠬᠢ ᠶ᠋ᠢ ᠪᠣᠳᠣᠪᠠᠯ ᠨᠢᠭᠡ ᠳᠠᠬᠢᠨ ᠢᠯᠡᠭᠦᠦ ᠦᠨᠡᠲᠡᠢ᠃ ᠨᠠᠶᠠᠨ ᠮᠥᠩᠭᠥ ᠶ᠋ᠢᠨ ᠨᠣᠣᠰᠣ ᠶ᠋ᠢ ᠲᠡᠳᠡ ᠭᠤᠴᠢᠨ ᠲᠠᠪᠤᠨ ᠮᠥᠩᠭᠥ ᠪᠡᠷ ᠪᠣᠳᠣᠵᠤ᠂ ᠨᠢᠭᠡ ᠬᠡᠰᠡᠭ ᠰᠠᠪᠤᠩ ᠢ᠋ ᠭᠤᠷᠪᠠᠨ ᠵᠢᠩ ᠨᠣᠣᠰᠣ ᠪᠠᠷ ᠰᠣᠯᠢᠳᠠᠭ᠃ ᠪᠢᠳᠡ ᠣᠳᠣ ᠶᠠᠭᠠᠬᠢᠪᠠᠯ ᠲᠠᠭᠠᠷᠠᠨ᠎ᠠ ᠪᠣᠢ?
ᠬᠡᠷᠪᠡ ᠨᠣᠣᠰᠣ ᠪᠠᠨ ᠲᠡᠨᠳᠡ ᠠᠪᠠᠴᠢᠬᠤ ᠦᠭᠡᠢ ᠪᠣᠯ ᠴᠡᠷᠢᠭ ᠣᠴᠢᠨ᠎ᠠ ᠭᠡᠮᠡᠨ ᠰᠦᠷᠳᠡᠭᠦᠯᠵᠦ ᠪᠠᠢᠳᠠᠭ᠂ ᠪᠢᠳᠡ ᠡᠩᠬᠡ ᠲᠠᠢᠪᠤᠩ ᠯᠠ ᠠᠮᠢᠳᠤᠷᠠᠬᠤ ᠬᠦᠰᠡᠯ ᠲᠡᠢ ᠰᠢᠦ ᠳᠡ ᠭᠡᠵᠦ ᠡᠨᠡ ᠡᠷ᠎ᠡ ᠵᠣᠪᠠᠯᠠᠩ ᠢ᠋ᠶ᠋ᠠᠨ ᠲᠣᠭᠠᠴᠢᠯ᠎ᠠ᠃
ᠬᠡᠭᠦᠩᠭᠡ ᠶ᠋ᠢᠨ ᠶᠠᠷᠢᠬᠤ ᠪᠠᠷ ᠭᠡᠨᠡᠳᠲᠡ ᠯᠡ ᠨᠢᠭᠡ ᠪᠦᠯᠦᠭ ᠳᠡᠭᠡᠷᠡᠮᠴᠢᠳ ᠡᠳᠡᠨ ᠦ᠌ ᠭᠠᠢ ᠵᠣᠪᠠᠯᠠᠩ ᠳ᠋ᠤ᠌ ᠳᠠᠭᠠᠷᠢᠭᠳᠠᠭᠠ ᠦᠭᠡᠢ ᠨᠤᠲᠤᠭ ᠲᠤ᠌ ᠬᠦᠷᠴᠦ ᠢᠷᠡᠭᠰᠡᠨ ᠪᠥᠭᠡᠳ ᠬᠥᠮᠦᠰ ᠦ᠋ᠨ ᠶᠠᠷᠢᠬᠤ ᠪᠠᠷ ᠲᠡᠳᠡ ᠳᠡᠭᠡᠷᠡᠮᠳᠡᠵᠦ ᠣᠯᠤᠭᠰᠠᠨ ᠠᠳᠤᠭᠤᠳ ᠢ᠋ᠶ᠋ᠠᠨ ᠶᠠᠫᠣᠨ ᠴᠡᠷᠢᠭ ᠲᠦ᠍ ᠬᠤᠳᠠᠯᠳᠤᠨ ᠥᠭᠴᠦ᠂ ᠠᠬᠢᠭᠠᠳ ᠲᠡᠨᠳᠡᠬᠢ ᠡᠷᠡᠴᠦᠦᠯ ᠢ᠋ ᠴᠡᠷᠢᠭ ᠲᠡᠭᠡᠨ ᠲᠡᠳᠡᠨ ᠠᠪᠬᠤ ᠶᠤᠮ ᠭᠡᠨ᠎ᠡ᠃
– ᠲᠡᠳᠡ ᠲᠡᠭᠡᠭᠡᠳ ᠬᠠᠮᠢᠭᠠᠰᠢ ᠪᠠᠨ ᠶᠠᠪᠤᠨ᠎ᠠ ᠭᠡᠵᠦ ᠪᠠᠢᠨ᠎ᠠ ᠪᠣᠢ? ᠭᠡᠵᠦ ᠷᠠᠰᠢ ᠠᠰᠠᠭᠤᠪᠠ᠃
ᠡᠨᠡ ᠲᠤᠬᠠᠢ ᠲᠡᠷᠡ ᠡᠷ᠎ᠡ ᠥᠴᠦᠬᠡᠨ ᠴᠦ᠍ ᠮᠡᠳᠡᠬᠦ ᠦᠭᠡᠢ ᠪᠠᠢᠪᠠ᠃
– ᠲᠡᠳᠡ ᠡᠨᠡᠭᠦᠷ ᠢᠷᠡᠵᠦ ᠴᠦ᠍ ᠮᠠᠭᠠᠳ ᠦᠭᠡᠢ᠂ ᠡᠰᠡᠪᠡᠯ ᠡᠮᠦᠨᠡᠰᠢ ᠪᠡᠨ ᠶᠠᠪᠤᠬᠤ ᠴᠤ᠌ ᠮᠠᠭᠠᠳ ᠦᠭᠡᠢ᠃ ᠡᠭᠦᠨ ᠦ᠌ ᠲᠤᠬᠠᠢ ᠮᠡᠳᠡᠬᠦ ᠬᠥᠮᠦᠨ ᠭᠡᠵᠦ ᠶᠡᠷᠦ ᠠᠯᠠᠭ᠎ᠠ᠂ ᠬᠡᠨ ᠲᠡᠳᠡᠨ ᠢ᠋ ᠲᠤᠬᠢᠷᠴᠤ ᠶᠠᠪᠤᠭᠤᠯᠤᠭᠰᠠᠨ ᠶᠤᠮ ᠪᠣᠯ ᠭᠡᠳᠡᠭ ᠢ᠋ᠶ᠋ᠡᠷ ᠯᠡ ᠲᠣᠭᠲᠠᠭᠠᠭᠳᠠᠨ᠎ᠠ᠃
ᠮᠥᠨ ᠣᠷᠣᠢ ᠳ᠋ᠤᠨᠢ ᠪᠠᠰᠠ ᠨᠢᠭᠡ ᠬᠥᠮᠦᠨ ᠢᠷᠡᠭᠰᠡᠨ ᠪᠥᠭᠡᠳ ᠡᠨᠡ ᠬᠥᠮᠦᠨ ᠪᠠᠳᠤᠬᠠᠭᠠᠯᠭ᠎ᠠ ᠳ᠋ᠤ᠌ ᠪᠢᠴᠢᠭᠡᠴᠢ ᠶ᠋ᠢᠨ ᠠᠯᠪᠠ ᠲᠠᠢ᠂ ᠬᠣᠶᠠᠷ ᠭᠠᠷᠠᠭ ᠤ᠋ᠨ ᠴᠢᠯᠥᠭᠡ ᠲᠡᠢ ᠠᠮᠠᠷᠠᠯᠲᠠ ᠪᠠᠷ ᠭᠡᠷ ᠲᠡᠭᠡᠨ ᠢᠷᠡᠵᠦ ᠶᠠᠪᠤᠭ᠎ᠠ ᠠᠵᠢ᠃ ᠲᠡᠭᠦᠨ ᠦ᠌ ᠬᠡᠯᠡᠬᠦ ᠪᠡᠷ ᠨᠡᠯᠢᠶᠡᠳ ᠣᠯᠠᠨ ᠶᠠᠫᠣᠨ ᠬᠥᠮᠦᠨ ᠪᠠᠲᠤᠬᠠᠭᠠᠯᠭ᠎ᠠ ᠶ᠋ᠢᠨ ᠬᠠᠭᠤᠴᠢᠨ ᠰᠦᠮ᠎ᠡ ᠳ᠋ᠦ᠍ ᠢᠷᠡᠭᠡᠳ ᠨᠢᠭᠡᠨᠲᠡ ᠬᠡᠳᠦᠨ ᠭᠠᠷᠠᠭ ᠪᠣᠯᠵᠤ᠂ ᠡᠳᠦᠷ ᠲᠤᠵᠢ ᠠᠩ ᠬᠦᠷᠦᠭᠡ ᠬᠢᠵᠦ᠂ ᠵᠢᠭᠠᠰᠤ ᠵᠢᠷᠠᠭᠠᠬᠠᠢ ᠠᠩᠨᠠᠨ᠂ ᠴᠢᠰᠤ ᠳᠤᠰᠤᠯᠠᠭᠰᠠᠨ ᠠᠩ ᠤ᠋ᠨ ᠠᠮᠢᠲᠠᠨ ᠢ᠋ᠶ᠋ᠠᠨ ᠰᠦᠮ᠎ᠡ ᠳ᠋ᠦ᠍ ᠠᠪᠴᠤ ᠣᠷᠣᠵᠤ ᠪᠣᠢ ᠭᠡᠨ᠎ᠡ᠃
– ᠲᠡᠭᠡᠭᠡᠳ ᠯᠠᠮᠠ ᠨᠠᠷ ᠲᠡᠭᠦᠨ ᠳ᠋ᠦ᠍ ᠳᠤᠷ᠎ᠠ ᠦᠭᠡᠢᠴᠡᠵᠦ ᠦᠭᠡᠢ ᠶᠦᠮ ᠤᠤ? ᠭᠡᠵᠦ ᠷᠠᠰᠢ ᠰᠠᠨᠳᠤᠷᠤᠨ ᠠᠰᠠᠭᠤᠪᠠ᠃
– ᠲᠡᠳᠡ ᠲᠡᠭᠡᠭᠡᠳ ᠶᠠᠭᠤ ᠬᠢᠵᠦ ᠳᠡᠢᠯᠦᠨ᠎ᠡ ᠳᠠ? ᠭᠡᠵᠦ ᠪᠠᠳᠤᠬᠠᠭᠠᠯᠭ᠎ᠠ ᠶ᠋ᠢᠨ ᠡᠷ᠎ᠡ ᠪᠤᠴᠠᠭᠤᠯᠤᠨ ᠠᠰᠠᠭᠤᠪᠠ᠃
ᠡᠷᠡᠴᠦᠦᠯ ᠣᠯᠠᠨ ᠠᠷᠭ᠎ᠠ ᠵᠠᠮ ᠰᠦᠪᠡᠭᠴᠢᠯᠡᠨ ᠶᠠᠷᠢᠵᠠᠭᠠᠵᠤ᠂ ᠬᠥᠮᠦᠨ ᠪᠣᠯᠭᠠᠨ ᠥᠪᠡᠷ ᠦ᠋ᠨ ᠦᠵᠡᠯᠲᠡ ᠲᠡᠢ ᠪᠠᠢᠯ᠎ᠠ᠃
– ᠪᠢᠳᠡ ᠬᠣᠢᠰᠢ ᠪᠠᠨ ᠬᠥᠮᠦᠨ ᠲᠣᠮᠢᠯᠠᠨ ᠣᠴᠢᠭᠤᠯᠵᠤ᠂ ᠶᠡᠬᠡ ᠬᠦᠷᠢᠶ᠎ᠡ ᠳ᠋ᠦ᠍ ᠪᠠᠢᠭ᠎ᠠ ᠪᠢᠳᠡᠨ ᠦ᠌ ᠠᠬ᠎ᠠ ᠲᠡᠭᠦᠦᠰ ᠡᠴᠡ ᠳᠡᠮᠵᠢᠯᠭᠡ ᠭᠤᠶᠤᠵᠤ ᠪᠣᠯᠤᠨ᠎ᠠ᠃
– ᠪᠤᠯᠱᠧᠸᠢᠭᠴᠦᠳ? ᠪᠣᠯᠬᠤ ᠦᠭᠡᠢ ᠰᠢᠦ᠃ ᠪᠢ ᠲᠡᠳᠡᠨ ᠢ᠋ ᠰᠠᠢᠨ ᠮᠡᠳᠡᠨ᠎ᠡ ᠰᠢᠦ᠃ ᠪᠢ ᠲᠡᠨᠳᠡ ᠠᠮᠢᠳᠤᠷᠠᠵᠤ ᠪᠠᠢᠭᠰᠠᠨ ᠪᠢᠰᠢ ᠶᠦᠮ ᠤᠤ ? ᠭᠡᠵᠦ ᠷᠠᠰᠢ ᠴᠢᠩᠭ᠎ᠠ ᠡᠰᠡᠷᠭᠦᠴᠡᠨ ᠶᠠᠷᠢᠪᠠ᠃ ᠲᠡᠳᠡ ᠴᠦ᠍ ᠮᠣᠩᠭᠣᠯᠴᠤᠳ ᠪᠠᠢᠭ᠎ᠠ ᠰᠢᠦ ᠳᠡ ᠂ ᠴᠢᠩᠭᠢᠰ ᠪᠣᠭᠳᠠ ᠪᠢᠳᠡ ᠪᠦᠭᠦᠳᠡ ᠶ᠋ᠢᠨ ᠬᠠᠭᠠᠨ ᠡᠵᠡᠨ ᠪᠠᠢᠭᠰᠠᠨ ᠪᠢᠰᠢ ᠶᠦᠮ ᠤᠤ ? ᠭᠡᠵᠦ ᠪᠠᠳᠤᠬᠠᠭᠠᠯᠭ᠎ᠠ ᠶ᠋ᠢᠨ ᠡᠷ᠎ᠡ ᠶᠠᠷᠢᠭᠠᠳ ᠠᠶᠠᠭ᠎ᠠ ᠲᠠᠢ ᠴᠠᠢ ᠪᠠᠨ ᠬᠤᠷᠴᠢᠭᠢᠨᠠᠭᠤᠯᠤᠨ ᠣᠭᠣᠴᠢᠭᠰᠠᠨ ᠢ᠋ᠶ᠋ᠠᠨ:
– ᠬᠡᠷᠪᠡ ᠲᠥᠪᠡᠳ ᠡᠴᠡ ᠢᠷᠡᠭᠰᠡᠨ ᠪᠠᠨᠴᠢᠨ ᠪᠣᠭᠳᠠ ᠮᠥᠨ ᠠᠳᠠ ᠪᠠᠨ ᠪᠠᠢᠭᠰᠠᠨ ᠶᠤᠮ ᠪᠣᠯ ᠬᠠᠷᠢᠨ ᠪᠢᠳᠡᠨ ᠦ᠌ ᠨᠢᠭᠡᠳᠦᠨ ᠬᠦᠴᠦᠷᠬᠡᠭᠵᠢᠬᠦ ᠶ᠋ᠢ ᠪᠡᠶᠡᠯᠡᠭᠦᠯᠵᠦ ᠳᠡᠢᠯᠬᠦ ᠪᠠᠢᠭᠰᠠᠨ ᠳᠠ᠂ ᠲᠡᠷᠡ ᠴᠢᠨᠢ ᠲᠣᠮᠣ ᠪᠣᠭᠳᠠ ᠬᠤᠪᠢᠯᠭᠠᠨ ᠶᠤᠮ ᠰᠢᠦ ᠭᠡᠵᠦ ᠶᠡᠬᠡ ᠪᠣᠳᠣᠯᠭᠠᠰᠢᠷᠠᠨ ᠬᠡᠯᠡᠯ᠎ᠡ᠃
– ᠲᠡᠷᠡ ᠶᠠᠭᠠᠬᠢᠭᠠᠳ ᠪᠢᠳᠡᠨ ᠢ᠋ ᠣᠷᠬᠢᠭᠠᠳ ᠶᠠᠪᠤᠪᠠ? ᠶᠠᠭᠤᠨ ᠳ᠋ᠤ᠌ ᠭᠦᠮᠪᠦᠮ ᠯᠠᠪᠷᠤᠩ ᠬᠡᠢᠳ ᠲᠡᠭᠡᠨ ᠪᠤᠴᠠᠪᠠ? ᠭᠡᠵᠦ ᠪᠠᠳᠣᠬᠠᠭᠠᠯᠭᠡ ᠶ᠋ᠢᠨ ᠡᠷ᠎ᠡ ᠰᠡᠳᠬᠢᠯ ᠴᠥᠬᠥᠷᠡᠭᠰᠡᠨ ᠮᠠᠶᠢᠭᠲᠠᠢ ᠬᠡᠯᠡᠪᠡ᠃
– ᠤᠴᠢᠷ ᠨᠢ ᠴᠠᠭ ᠨᠢ ᠪᠣᠯᠤᠭ᠎ᠠ ᠦᠭᠡᠢ ᠪᠠᠢᠭ᠎ᠠ ᠰᠢᠦ ᠳᠡ᠃ ᠪᠢᠳᠡ ᠰᠠᠢᠨ ᠳᠠᠭᠠᠳᠬᠠᠭᠰᠠᠨ ᠦᠭᠡᠢ ᠪᠥᠭᠡᠳ ᠪᠤᠷᠬᠠᠨ ᠢ᠋ ᠬᠦᠢᠲᠡᠨ ᠬᠥᠨᠳᠡᠢ ᠪᠠᠢᠯᠭᠠᠭᠰᠠᠨ ᠤᠴᠢᠷ ᠠ᠋ᠴᠠ ᠣᠳᠣ ᠭᠠᠷᠴᠤ ᠪᠠᠢᠭ᠎ᠠ ᠵᠢᠴᠢ ᠢᠷᠡᠭᠡᠳᠦᠢ ᠳ᠋ᠦ᠍ ᠬᠦᠷᠴᠦ ᠢᠷᠡᠬᠦ ᠭᠠᠢ ᠵᠣᠪᠠᠯᠠᠩ ᠪᠣᠯ ᠪᠦᠷ ᠯᠡ ᠪᠤᠷᠬᠠᠨ ᠲᠡᠭᠷᠢ ᠪᠢᠳᠡᠨ ᠢ᠋ ᠵᠠᠯᠬᠠᠭᠠᠵᠤ ᠪᠠᠢᠭ᠎ᠠ ᠨᠢ ᠲᠡᠷᠡ ᠭᠡᠵᠦ ᠷᠠᠰᠢ ᠬᠠᠷᠢᠭᠤᠴᠠᠨ ᠬᠡᠯᠡᠭᠰᠡᠨ ᠢ᠋ᠶ᠋ᠡᠨ ᠢᠲᠡᠭᠡᠯ ᠲᠡᠭᠦᠯᠳᠡᠷ ᠢ᠋ᠶ᠋ᠡᠷ ᠵᠠᠯᠭᠠᠵᠤ :
– ᠭᠡᠬᠦ ᠳ᠋ᠦ᠍ ᠳᠡᠯᠡᠬᠡᠢ ᠳ᠋ᠦ᠍ ᠭᠠᠭᠴᠠᠬᠠᠨ ᠲᠣᠮᠣ ᠮᠣᠩᠭᠣᠯ ᠭᠦᠷᠦᠨ ᠮᠢᠨᠢ ᠳᠣᠷᠣᠢᠲᠠᠬᠤ ᠦᠭᠡᠢ ᠶᠦᠮ᠂ ᠪᠣᠭᠳᠠ ᠴᠢᠩᠭᠢᠰ ᠬᠠᠭᠠᠨ ᠪᠤᠴᠠᠵᠤ ᠢᠷᠡᠬᠦ ᠪᠣᠯᠤᠨ᠎ᠠ᠃ ᠲᠡᠷᠡ ᠮᠠᠨᠢ ᠵᠥᠪᠬᠡᠨ ᠤᠨᠲᠠᠵᠤ ᠪᠠᠢᠭ᠎ᠠ᠂ ᠲᠡᠭᠦᠨ ᠦ᠌ ᠠᠷᠠᠳ ᠢᠷᠭᠡᠳ ᠨᠢ ᠠᠶᠤᠯ ᠲᠦᠭᠰᠢᠭᠦᠷᠢ ᠳ᠋ᠦ᠍ ᠲᠤᠯᠭᠠᠷᠠᠬᠤ ᠦᠶᠡᠰ ᠲᠡᠷᠡ ᠰᠡᠷᠡᠬᠦ ᠪᠥᠭᠡᠳ ᠴᠡᠷᠢᠭ ᠠᠩᠭᠢ ᠪᠠᠨ ᠴᠤᠭᠯᠠᠭᠤᠯᠬᠤ ᠪᠣᠯᠤᠨ᠎ᠠ ᠭᠡᠯᠡ᠃
– ᠭᠡᠬᠦ ᠳ᠋ᠦ᠍ ᠥᠨᠥᠳᠥᠷ ᠦ᠋ᠨ ᠲᠡᠢᠨ ᠪᠠᠢᠯᠳᠤᠭᠠᠨ ᠳ᠋ᠤ᠌ ᠬᠠᠷᠢᠨ ᠫᠤᠤ ᠵᠡᠪᠰᠡᠭ᠂ ᠨᠢᠰᠬᠡᠯ ᠪᠣᠯᠤᠨ ᠶᠡᠬᠡ ᠮᠥᠩᠭᠥ ᠲᠥᠭᠥᠷᠢᠭ ᠪᠠᠭᠲᠠᠵᠤ ᠪᠠᠢᠨ᠎ᠠ᠃ ᠲᠡᠭᠡᠬᠦ ᠳ᠋ᠦ᠍ ᠪᠢᠳᠡ ᠮᠥᠨ ᠯᠡ ᠬᠥᠭᠡᠷᠦᠬᠦᠢ ᠨᠤᠮᠤ ᠰᠤᠮᠤ ᠲᠠᠢ ᠪᠠᠨ ᠯᠠ ᠪᠠᠢᠳᠠᠭ ᠭᠡᠵᠦ ᠪᠠᠳᠤᠬᠠᠭᠠᠯᠭ᠎ᠠ ᠠ᠋ᠴᠠ ᠢᠷᠡᠭᠰᠡᠨ ᠡᠷ᠎ᠡ ᠶᠠᠷᠢᠯ᠎ᠠ᠃
