ᠴᠠᠭᠠᠳᠠᠢ ᠬᠠᠭᠠᠨ-ᠲᠡᠷᠡ ᠬᠡᠨ ᠪᠠᠢᠪᠠ 04-Цагадай хаанТэр хэн байв Chagatai khanate
ᠴᠠᠭᠠᠳᠠᠢ ᠬᠠᠭᠠᠨ
ᠴᠠᠭᠠᠲᠠᠢ ᠬᠠᠭᠠᠨ (1183 ᠣᠨ ᠤ᠋ ᠣᠷᠴᠢᠮ–1241 ᠡᠰᠡᠪᠡᠯ 1242) ᠨᠢ ᠴᠢᠩᠭᠢᠰ ᠬᠠᠭᠠᠨ ᠤ᠋ ᠬᠣᠶᠠᠷ ᠲᠠᠬᠢ ᠬᠦᠦ ᠪᠥᠭᠡᠳ ᠴᠠᠭᠠᠲᠠᠢ ᠶ᠋ᠢᠨ ᠤᠯᠤᠰ᠂ ᠴᠠᠭᠠᠲᠠᠢ ᠶ᠋ᠢᠨ ᠬᠡᠯᠡ᠂ ᠴᠠᠭᠠᠲᠠᠢ ᠶ᠋ᠢᠨ ᠲᠦᠷᠺ ᠢ᠋ ᠪᠠᠢᠭᠤᠯᠤᠭᠴᠢ ᠭᠡᠮᠡᠨ ᠦᠵᠡᠳᠡᠭ᠃ ᠲᠡᠷᠡ ᠪᠡᠷ ᠡᠴᠢᠭᠡ ᠶ᠋ᠢᠨ ᠢ᠋ᠶ᠋ᠡᠨ ᠥᠭᠡᠳᠡ ᠪᠣᠯᠤᠭᠰᠠᠨ ᠡᠴᠡ ᠬᠣᠢᠰᠢ ᠲᠥᠪ ᠠᠽᠢᠶ᠎ᠠ ᠶ᠋ᠢ ᠨᠠᠰᠤᠨ ᠡᠴᠦᠰ ᠪᠣᠯᠲᠠᠯ᠎ᠠ ᠪᠠᠨ ᠵᠠᠬᠢᠷᠤᠭᠰᠠᠨ᠃ ᠲᠡᠷᠡᠪᠡᠷ ᠴᠢᠩᠭᠢᠰ ᠬᠠᠭᠠᠨ ᠤ᠋ ᠵᠠᠷᠯᠢᠭ ᠢ᠋ᠶ᠋ᠠᠷ ᠶᠡᠬᠡ ᠵᠠᠰᠠᠭ ᠲᠤ᠌ ᠬᠢᠨᠠᠯᠲᠠ ᠲᠠᠯᠪᠢᠵᠤ᠂ ᠭᠠᠷᠭᠠᠭᠰᠠᠨ ᠵᠠᠷᠯᠢᠭ ᠤ᠋ᠨ ᠪᠢᠴᠢᠭᠡᠴᠢ ᠪᠠᠢᠭᠰᠠᠨ ᠴᠤ᠌ ᠡᠴᠦᠰ ᠲᠡᠭᠡᠨ ᠲᠡᠷᠡ ᠪᠡᠷ ᠵᠥᠪᠬᠡᠨ ᠮᠣᠩᠭᠣᠯ ᠤ᠋ᠨ ᠡᠵᠡᠨᠲᠦ ᠭᠦᠷᠦᠨ ᠦ᠌ ᠬᠠᠨ ᠴᠣᠯᠠᠲᠠᠨ ᠲᠡᠳᠦᠢ ᠯᠡ ᠪᠣᠯᠤᠭᠰᠠᠨ᠃ ᠬᠠᠷᠢᠨ ᠮᠣᠩᠭᠣᠯ ᠤ᠋ᠨ ᠡᠵᠡᠨᠲᠦ ᠭᠦᠷᠦᠨ ᠦ᠌ ᠬᠣᠢᠴᠢ ᠦᠶ᠎ᠡ ᠳ᠋ᠦ᠍ ᠲᠡᠭᠦᠨ ᠦ᠌ ᠡᠵᠡᠨᠲᠦ ᠭᠦᠷᠦᠨ ᠨᠡᠯᠢᠶᠡᠳ ᠠᠯᠳᠠᠷᠲᠠᠢ ᠪᠣᠯᠵᠤ ᠢᠷᠡᠭᠰᠡᠨ᠃
ᠭᠡᠷ ᠪᠦᠯᠢ
ᠡᠪᠦᠭᠡ ᠡᠴᠢᠭᠡ᠄ ᠶᠡᠰᠦᠭᠡᠢ ᠪᠠᠭᠠᠲᠤᠷ
ᠡᠮᠡᠭᠡ ᠡᠬᠡ᠄ ᠥᠭᠡᠯᠦᠨ ᠥᠵᠢᠨ
ᠡᠴᠢᠭᠡ᠄ ᠴᠢᠩᠭᠢᠰ ᠬᠠᠭᠠᠨ
ᠡᠬᠡ᠄ ᠪᠥᠷᠲᠡ ᠦᠵᠢᠨ
ᠠᠬ᠎ᠠ᠂ ᠳᠡᠭᠦᠦ᠄
1. ᠵᠥᠴᠢ ᠬᠠᠨ
2. ᠬᠣᠵᠢᠨ ᠪᠡᠬᠢ
3. ᠥᠭᠡᠳᠡᠢ ᠬᠠᠭᠠᠨ
4. ᠲᠤᠯᠤᠢ ᠨᠣᠶᠠᠨ
5. ᠠᠯᠲᠠᠯᠤᠨ ᠪᠡᠬᠢ
6. ᠠᠯᠤᠬ᠎ᠠ ᠪᠡᠬᠢ
7. ᠲᠦᠮᠡᠯᠦᠨ ᠪᠡᠬᠢ
8. ᠳᠠᠯᠠᠢ ᠭᠦᠩᠵᠦ
9. ᠬᠥᠯᠢᠭᠡᠨ ᠨᠣᠶᠠᠨ
10. ᠵᠦᠴᠢᠲᠡᠢ
11. ᠴᠢᠬᠤᠷ
12. ᠶᠦᠴᠢᠪᠠᠢ ᠭᠦᠩᠵᠦ
ᠴᠠᠭᠠᠲᠠᠢ ᠨᠢ ᠣᠯᠠᠨ ᠬᠠᠲᠤᠨ᠂ ᠲᠠᠲᠠᠪᠤᠷᠢ ᠡᠬᠡᠨᠡᠷ ᠲᠡᠢ ᠪᠠᠢᠵᠠᠢ᠃ ᠲᠡᠳᠡᠨ ᠡᠴᠡ ᠬᠠᠮᠤᠭ ᠤ᠋ᠨ ᠶᠡᠬᠡ ᠨᠥᠯᠥᠭᠡ ᠲᠡᠢ ᠬᠣᠶᠠᠷ ᠬᠠᠲᠤᠨ ᠪᠠᠢᠪᠠ᠃ ᠨᠢᠭᠡ ᠨᠢ ᠬᠣᠩᠭᠢᠷᠠᠳ (ᠠᠢᠮᠠᠭ ᠤ᠋ᠨ) ᠡᠵᠡᠨᠲᠡᠨ ᠳᠠᠷᠢᠲᠠᠢ ᠶ᠋ᠢᠨ ᠬᠦᠦ ... ᠨᠣᠶᠠᠨ ᠤ᠋ ᠥᠬᠢᠨ ᠶᠢᠰᠦᠨᠯᠤᠩ ᠪᠥᠭᠡᠳ ᠲᠡᠷᠡ ᠴᠠᠭᠠᠲᠠᠢ ᠶ᠋ᠢᠨ ᠠᠯᠳᠠᠷᠰᠢᠭᠰᠠᠨ ᠪᠦᠬᠦ ᠬᠥᠪᠡᠭᠦᠳ ᠦ᠋ᠨ ᠡᠬᠡ ᠶᠤᠮ᠃ ᠴᠢᠩᠭᠢᠰ ᠬᠠᠭᠠᠨ ᠤ᠋ ᠶᠡᠬᠡ ᠬᠠᠲᠤᠨ ᠪᠥᠷᠲᠡ ᠥᠵᠢᠨ ᠪᠠ ᠶᠢᠰᠦᠨᠯᠤᠩ ᠬᠠᠲᠤᠨ ᠬᠣᠶᠠᠭᠤᠯᠠ ᠠᠬ᠎ᠠ ᠲᠡᠭᠦᠰ ᠦ᠋ᠨ ᠬᠡᠦᠬᠡᠳ ᠪᠠᠢᠵᠠᠢ᠃ ᠨᠥᠭᠦᠭᠡ ᠨᠢ ᠲᠦᠺᠠᠨ (ᠲᠤᠷᠢᠬᠠᠨ) ᠬᠠᠲᠤᠨ ᠪᠥᠭᠡᠳ ᠳᠡᠭᠡᠷ᠎ᠡ ᠳᠤᠷᠠᠳᠤᠭᠰᠠᠨ ᠶᠢᠰᠦᠨᠯᠤᠩ ᠬᠠᠲᠤᠨ ᠤ᠋ ᠳᠡᠭᠦᠦ ᠨᠢ ᠪᠢᠯᠡ᠃ ᠴᠠᠭᠠᠲᠠᠢ ᠶᠢᠰᠦᠨᠯᠤᠩ ᠬᠠᠲᠤᠨ ᠢ᠋ᠶ᠋ᠠᠨ ᠥᠭᠡᠳᠡ ᠪᠣᠯᠣᠰᠣᠨ ᠤ᠋ ᠳᠠᠷᠠᠭ᠎ᠠ ᠲᠦᠺᠠᠨ ᠢ᠋ ᠭᠡᠷᠭᠡᠢ ᠪᠣᠯᠭᠠᠨ ᠠᠪᠤᠭᠰᠠᠨ ᠪᠢᠯᠡ᠃ ᠴᠠᠭᠠᠲᠠᠢ ᠨᠢ ᠵᠢᠷᠭᠤᠭᠠᠨ ᠬᠦᠦ ᠲᠡᠢ ᠪᠠᠢᠵᠠᠢ᠃ ᠲᠡᠳᠡᠨ ᠢ᠋ ᠨᠠᠰᠤᠨ ᠤ᠋ ᠳᠠᠷᠠᠭᠠᠯᠠᠯ ᠢ᠋ᠶ᠋ᠠᠷ ᠳᠤᠷᠠᠳᠪᠠᠢ᠄
1. ᠮᠢᠲᠦᠭᠡᠨ᠂
2. ᠮᠣᠵᠢ ᠶᠠᠶ᠎ᠠ᠂
3. ᠪᠧᠯᠺᠧᠱᠢ᠂
4. ᠰᠠᠷᠠᠪᠠᠨ᠂
5. ᠶᠢᠰᠦᠨ ᠮᠥᠩᠬᠡ
6. ᠪᠠᠢᠳᠠᠷ
7. …᠂
8. . …》
《ᠲᠠᠲᠠᠷ ᠤ᠋ᠳ ᠤ᠋ᠨ ᠭᠠᠷᠤᠯ ᠡᠭᠦᠰᠦᠯ ᠦ᠋ᠨ ᠲᠡᠦᠬᠡ》 ᠨᠣᠮᠣᠨ ᠳ᠋ᠤ᠌ 《ᠴᠠᠭᠠᠲᠠᠢ ᠣᠯᠠᠨ ᠬᠠᠲᠤᠨ ᠲᠠᠢ ᠪᠠᠢᠭᠰᠠᠨ ᠡᠴᠡ ᠬᠣᠩᠭᠢᠷᠠᠳ ᠠᠢᠮᠠᠭ ᠤ᠋ᠨ ᠡᠭᠡᠴᠢ ᠳᠡᠭᠦᠦ ᠬᠣᠶᠠᠷ ᠬᠠᠲᠤᠨ ᠢ᠋ᠶ᠋ᠠᠨ ᠶᠡᠬᠡ ᠬᠠᠢᠷᠠᠯᠠᠳᠠᠭ ᠪᠠᠢᠪᠠ᠃ ᠴᠠᠭᠠᠲᠠᠢ ᠣᠯᠠᠨ ᠬᠡᠦᠬᠡᠳ ᠦ᠋ᠨ ᠡᠬᠡ ᠪᠤᠰᠠᠰᠤᠯᠤᠩ ᠬᠠᠲᠤᠨ ᠢ᠋ᠶ᠋ᠠᠨ ᠨᠠᠰᠤ ᠪᠠᠷᠠᠭᠰᠠᠨ ᠤ᠋ ᠳᠠᠷᠠᠭ᠎ᠠ ᠳᠠᠷᠬᠠᠨ ᠬᠠᠲᠤᠨ ᠢ᠋ᠶ᠋ᠠᠨ ᠠᠪᠴᠠᠢ᠃ ᠴᠠᠭᠠᠲᠠᠢ ᠶ᠋ᠢᠨ ᠬᠡᠦᠬᠡᠳ ᠦ᠋ᠳ ᠨᠢ᠄
1. ᠮᠤᠲᠤᠭᠤᠨ᠂
2. ᠮᠤᠴᠢ᠂
3. ᠪᠠᠯᠲᠠ ᠱᠠᠭ᠂
4. ᠰᠠᠭᠢᠨᠯᠠᠯᠭᠠ᠂
5. ᠰᠠᠷᠮᠠᠨᠰ᠂
6. ᠪᠤᠰᠢᠮᠦᠩᠭᠤ᠂
7. ᠪᠠᠢᠳᠠᠷ
ᠳᠡᠭᠡᠷᠡᠬᠢ ᠬᠣᠶᠠᠷ ᠰᠤᠷᠪᠤᠯᠵᠢ ᠶ᠋ᠢᠨ ᠮᠡᠳᠡᠭᠡᠨ ᠡᠴᠡ ᠦᠵᠡᠬᠦ ᠳ᠋ᠦ᠍ ᠠᠪᠠᠯᠢ ᠭᠡᠷᠭᠡᠢ᠂ ᠬᠠᠯᠠᠮᠵᠢᠲᠤ ᠶᠢᠰᠦᠨᠯᠤᠩ ᠬᠠᠲᠤᠨ ᠢ᠋ᠶ᠋ᠠᠨ ᠨᠠᠰᠤ ᠪᠠᠷᠠᠬᠤ ᠳ᠋ᠤ᠌ ᠲᠡᠷᠡ ᠪᠡᠷ ᠲᠡᠭᠦᠨ ᠦ᠌ ᠳᠡᠭᠦᠦ ᠲᠦᠺᠠᠨ ᠢ᠋ ᠬᠠᠲᠤᠨ ᠢ᠋ᠶ᠋ᠠᠨ ᠪᠣᠯᠭᠠᠨ ᠠᠪᠤᠭᠰᠠᠨ ᠢ᠋ᠶ᠋ᠠᠷ ᠨᠢᠭᠡ ᠳ᠋ᠦ᠍᠂ ᠲᠠᠯᠢᠢᠭᠴᠢ ᠬᠠᠳᠠᠨ ᠳ᠋ᠤ᠌ ᠪᠠᠨ ᠶᠡᠬᠡ ᠬᠠᠢᠷᠠᠲᠠᠢ ᠪᠠᠢᠭᠰᠠᠨ ᠢ᠋᠂ ᠬᠣᠶᠠᠷ ᠲᠤ᠌᠂ ᠥᠨᠥᠴᠢᠨ ᠬᠣᠴᠣᠷᠤᠭᠰᠠᠨ ᠣᠯᠠᠨ ᠬᠥᠪᠡᠭᠦᠳ ᠢ᠋ᠶ᠋ᠡᠨ ᠲᠥᠷᠥᠭᠰᠡᠨ ᠡᠬᠡ ᠡᠴᠡ ᠨᠢ ᠳᠤᠲᠠᠬᠤ ᠪᠠᠷ ᠦᠭᠡᠢ ᠬᠠᠢᠷᠠᠯᠠᠬᠤ ᠬᠥᠮᠦᠨ ᠢ᠋ ᠣᠯᠵᠤ ᠠᠪᠤᠭᠰᠠᠨ ᠢ᠋ ᠬᠠᠷᠠᠭᠤᠯᠵᠤ ᠪᠠᠢᠨ᠎ᠠ᠃ ᠡᠭᠦᠨ ᠡᠴᠡ ᠭᠠᠳᠠᠨ᠎ᠠ ᠴᠠᠭᠠᠲᠠᠢ ᠶ᠋ᠢᠨ ᠬᠥᠪᠡᠭᠦᠳ ᠦ᠋ᠨ ᠲᠣᠭ᠎ᠠ ᠬᠣᠶᠠᠷ ᠰᠤᠷᠪᠤᠯᠵᠢ ᠳ᠋ᠤ᠌ ᠵᠥᠷᠢᠵᠦ ᠪᠠᠢᠨ᠎ᠠ᠃ ᠴᠠᠭᠠᠲᠠᠢ ᠶ᠋ᠢᠨ ᠠᠬᠠᠮᠠᠳ ᠬᠦᠦ ᠨᠢ ᠶᠢᠰᠦᠨᠯᠤᠩ ᠬᠠᠲᠤᠨ ᠡᠴᠡ ᠲᠥᠷᠥᠭᠰᠡᠨ ᠮᠢᠲᠦᠭᠡᠨ ᠪᠥᠭᠡᠳ ᠲᠡᠷᠡᠪᠡᠷ ᠡᠪᠦᠭᠡ ᠡᠴᠢᠭᠡ ᠴᠢᠩᠭᠢᠰ ᠬᠠᠭᠠᠨ ᠤ᠋ ᠳᠡᠷᠭᠡᠳᠡᠰᠴᠦ ᠲᠣᠷᠨᠢᠵᠠᠢ ᠪᠠᠮᠢᠨ ᠴᠠᠢᠵᠠ ᠶ᠋ᠢ ᠪᠠᠢᠯᠳᠤᠬᠤ ᠦᠶ᠎ᠡ ᠳ᠋ᠦ᠍ ᠮᠢᠲᠦᠭᠡᠨ ᠰᠢᠷᠬᠠᠲᠤᠵᠤ ᠨᠠᠰᠤ ᠪᠠᠷᠠᠬᠤ ᠳ᠋ᠤ᠌ ᠴᠢᠩᠭᠢᠰ ᠬᠠᠭᠠᠨ ᠶᠡᠬᠡᠳᠡ ᠬᠣᠷᠣᠰᠤᠨ ᠭᠠᠰᠢᠭᠤᠳᠠᠵᠤ᠂ ᠡᠰᠡᠷᠭᠦᠴᠡᠯ ᠦᠵᠡᠭᠦᠯᠦᠭᠴᠢᠳ ᠢ᠋ ᠤᠰᠠᠳᠬᠠᠵᠤ᠂ ᠪᠠᠷᠢᠯᠭ᠎ᠠ ᠪᠡᠬᠢᠯᠡᠯᠲᠡ ᠶ᠋ᠢ ᠨᠤᠷᠠᠭᠠᠵᠠᠢ. ᠡᠨᠡ ᠦᠶ᠎ᠡ ᠳ᠋ᠦ᠍ ᠴᠠᠭᠠᠲᠠᠢ ᠤᠭᠧᠨᠴᠢ ᠶ᠋ᠢ ᠡᠵᠡᠯᠡᠵᠦ ᠠᠪᠤᠭᠠᠳ ᠪᠤᠴᠠᠵᠤ ᠢᠷᠡᠭᠰᠡᠨ ᠠᠵᠢ᠃ ᠴᠢᠩᠭᠢᠰ ᠬᠠᠭᠠᠨ ᠮᠢᠲᠦᠭᠡᠨ ᠢ᠋ ᠠᠯᠠᠭᠤᠯᠤᠭᠰᠠᠨ ᠲᠤᠬᠠᠢ ᠡᠴᠢᠭᠡ ᠳ᠋ᠦ᠍ ᠨᠢ ᠰᠢᠭᠤᠳ ᠬᠡᠯᠡᠵᠦ ᠵᠢᠷᠦᠬᠡᠯᠡᠭᠰᠡᠨ ᠦᠭᠡᠢ᠃ ᠡᠨᠡ ᠲᠤᠬᠠᠢ ᠴᠠᠭᠠᠲᠠᠢ ᠳ᠋ᠤ᠌ ᠬᠡᠯᠡᠬᠦ ᠦᠭᠡᠢ ᠪᠠᠢᠬᠤ ᠶ᠋ᠢ ᠵᠠᠷᠯᠢᠭ ᠪᠠᠭᠤᠯᠭᠠᠵᠠᠢ᠃ ᠮᠢᠲᠦᠭᠡᠨ ᠶᠠᠭᠤᠮᠠᠨ ᠳ᠋ᠤ᠌ ᠶᠠᠪᠤᠭᠰᠠᠨ ᠭᠡᠵᠦ ᠡᠴᠢᠭᠡ ᠳ᠋ᠦ᠍ ᠨᠢ ᠬᠡᠯᠡᠭᠡᠳ ᠬᠡᠳᠦ ᠬᠣᠨᠣᠭᠰᠠᠨ ᠠᠵᠠᠢ᠃
ᠴᠢᠩᠭᠢᠰ ᠬᠠᠭᠠᠨ ᠨᠢᠭᠡ ᠤᠳᠠᠭ᠎ᠠ ᠰᠢᠯᠲᠠᠭ ᠣᠯᠤᠭᠠᠳ ᠬᠥᠪᠡᠭᠦᠳ ᠲᠦ᠍ ᠪᠡᠨ᠄ 《ᠲᠠ ᠨᠠᠷ ᠮᠢᠨᠦ ᠦᠭᠡᠨ ᠳ᠋ᠦ᠍ ᠣᠷᠣᠬᠤ ᠦᠭᠡᠢ᠂ ᠬᠡᠯᠡᠵᠦ ᠶᠠᠷᠢᠭᠰᠠᠨ ᠢ᠋ ᠳᠠᠭᠠᠵᠤ ᠭᠦᠢᠴᠡᠳᠬᠡᠬᠦ ᠦᠭᠡᠢ ᠪᠠᠢᠨ᠎ᠠ》 ᠭᠡᠵᠦ ᠵᠣᠷᠢᠭᠤᠳᠠ ᠪᠠᠷ ᠠᠭᠠᠰᠢᠯᠠᠵᠤ ᠵᠠᠩᠨᠠᠵᠠᠢ᠃ ᠲᠡᠭᠡᠬᠦ ᠳ᠋ᠦ᠍ ᠨᠢ ᠴᠠᠭᠠᠲᠠᠢ ᠡᠪᠦᠳᠦᠭ ᠰᠥᠬᠥᠷᠡᠨ 《ᠡᠴᠢᠭᠡ ᠬᠠᠭᠠᠨ ᠲᠠᠨ ᠤ᠋ ᠤᠤ ᠭᠡᠵᠦ ᠲᠤᠰᠢᠶᠠᠵᠤ ᠵᠠᠷᠯᠢᠭᠳᠠᠰᠤᠨ ᠢ᠋ᠶ᠋ᠠᠷ ᠪᠢ ᠵᠢᠳᠬᠦᠨ᠎ᠡ᠃ ᠪᠢ ᠴᠢᠳᠠᠯ ᠤ᠋ᠨ ᠬᠢᠷᠢ ᠪᠡᠷ ᠵᠢᠳᠬᠦᠭᠡᠳ ᠬᠡᠷᠡᠭᠴᠡᠭᠡ ᠲᠡᠢ ᠪᠣᠯ ᠠᠮᠢᠶ᠎ᠠ ᠥᠭᠬᠦ ᠳ᠋ᠦ᠍ ᠴᠦ᠍ ᠪᠡᠯᠡᠨ》 ᠭᠡᠮᠡᠨ ᠥᠭᠦᠯᠡᠬᠦ ᠳ᠋ᠦ᠍ ᠨᠢ ᠴᠢᠩᠭᠢᠰ ᠬᠠᠭᠠᠨ᠄《ᠴᠢ ᠡᠭᠦᠨ ᠢ᠋ ᠦᠨᠡᠨ ᠰᠡᠳᠬᠢᠯ ᠡᠴᠡ ᠪᠡᠨ ᠬᠡᠯᠡᠵᠦ ᠪᠠᠢᠨ᠎ᠠ ᠤᠤ᠂ ᠴᠢ ᠦᠨᠡᠬᠡᠷ ᠮᠢᠨᠦ ᠬᠡᠯᠡᠭᠰᠡᠨ ᠢ᠋ ᠳᠠᠭᠠᠬᠤ ᠶᠤᠮ ᠤᠤ》 ᠭᠡᠵᠦ ᠳᠠᠬᠢᠨ ᠳᠠᠬᠢᠨ ᠯᠠᠪᠯᠠᠬᠤ ᠳ᠋ᠤ᠌ ᠴᠠᠭᠠᠲᠠᠢ᠄《ᠥᠪᠡᠷ ᠦ᠋ᠨ ᠬᠡᠯᠡᠭᠰᠡᠨ ᠦᠭᠡ ᠡᠴᠡ ᠪᠡᠨ ᠵᠥᠷᠢᠴᠡᠪᠡᠯ᠂ ᠪᠢ ᠦᠬᠦᠲᠦᠭᠡᠢ》 ᠭᠡᠵᠦ ᠬᠠᠷᠢᠭᠤᠯᠵᠠᠢ᠃ ᠶᠠᠭ ᠲᠡᠭᠡᠵᠦ ᠬᠠᠷᠢᠭᠤᠯᠬᠤ ᠳ᠋ᠤ᠌ ᠨᠢ ᠡᠴᠢᠭᠡ ᠨᠢ ᠄《ᠮᠢᠲᠦᠭᠡᠨ ᠪᠠᠢᠬᠤ ᠦᠭᠡᠢ ᠪᠣᠯᠤᠭᠰᠠᠨ᠂ ᠴᠢ ᠤᠬᠢᠯᠠᠵᠤ ᠴᠥᠬᠥᠷᠡᠵᠦ ᠪᠣᠯᠬᠤ ᠦᠭᠡᠢ》 ᠭᠡᠵᠦ ᠬᠡᠯᠡᠪᠡ᠃ ᠴᠠᠭᠠᠲᠠᠢ ᠶ᠋ᠢᠨ ᠳᠣᠲᠣᠷ᠎ᠠ ᠬᠠᠷᠠᠩᠭᠤᠢᠯᠠᠨ ᠭᠠᠰᠢᠭᠤᠳᠠᠭᠰᠠᠨ ᠪᠣᠯᠪᠠᠴᠤ ᠬᠡᠯᠡᠭᠰᠡᠨ ᠠᠮᠠᠨ ᠳ᠋ᠤ᠌ ᠪᠠᠨ ᠡᠵᠡᠨ ᠪᠣᠯᠵᠤ ᠲᠡᠰᠪᠦᠷᠢᠯᠡᠭᠡᠳ ᠤᠬᠢᠯᠠᠵᠤ ᠤᠨᠵᠢᠭᠰᠠᠨ ᠦᠭᠡᠢ᠃ ᠬᠠᠷᠢᠨ ᠭᠠᠳᠠᠭᠰᠢ ᠭᠠᠷᠤᠭᠠᠳ ᠬᠣᠯᠠᠬᠠᠨ ᠣᠴᠢᠵᠤ ᠨᠢᠭᠤᠴᠠ ᠪᠠᠷ ᠨᠡᠯᠢᠶᠡᠳ ᠤᠬᠢᠯᠠᠵᠤ ᠰᠡᠳᠬᠢᠯ ᠢ᠋ᠶ᠋ᠡᠨ ᠣᠩᠭᠣᠢᠯᠭᠠᠭᠠᠳ ᠬᠠᠭᠠᠨ ᠡᠴᠢᠭᠡ ᠶ᠋ᠢᠨ ᠥᠷᠭᠥᠭᠡ ᠤᠷᠤᠭᠤ ᠪᠤᠴᠠᠵᠤ ᠢᠷᠡᠭᠰᠡᠨ ᠪᠠᠢᠨ᠎ᠠ. 《ᠰᠤᠳᠤᠷ ᠤ᠋ᠨ ᠴᠢᠭᠤᠯᠭᠠᠨ》 ᠳ᠋ᠤ᠌ ᠥᠭᠦᠯᠡᠭᠰᠡᠨ ᠡᠨᠡᠬᠦ ᠮᠡᠳᠡᠭᠡᠨ ᠡᠴᠡ ᠦᠵᠡᠬᠦ ᠳ᠋ᠦ᠍ ᠴᠢᠩᠭᠢᠰ ᠬᠠᠭᠠᠨ ᠬᠦᠦ ᠴᠠᠭᠠᠲᠠᠢ ᠶ᠋ᠢ ᠠᠬ᠎ᠠ ᠳᠡᠭᠦᠦ ᠨᠠᠷ ᠠ᠋ᠴᠠ ᠪᠠᠨ ᠲᠦᠷᠦᠭᠦᠯᠡᠵᠦ ᠳᠠᠭᠤ ᠭᠠᠷᠬᠤ ᠶ᠋ᠢ ᠮᠡᠳᠡᠵᠦ ᠪᠠᠢᠭᠰᠠᠨ ᠤᠴᠢᠷ ᠡᠢᠨᠬᠦ ᠠᠭᠠᠰᠢᠯᠠᠵᠤ ᠵᠠᠩᠨᠠᠨ ᠡᠬᠢᠯᠡᠭᠰᠡᠨ ᠠᠵᠠᠢ᠃
ᠮᠢᠲᠦᠭᠡᠨ ᠨᠢ ᠪᠠᠢᠵᠤ᠂ ᠪᠦᠷᠢ᠂ ᠶᠢᠰᠦᠨᠳᠤᠸᠠ᠂ ᠬᠠᠷ᠎ᠠ ᠬᠦᠯᠦᠭ ᠭᠡᠰᠡᠨ ᠳᠥᠷᠪᠡᠨ ᠬᠦᠦ ᠲᠡᠢ ᠪᠠᠢᠪᠠ᠃ ᠡᠳᠡᠭᠡᠷ ᠡᠴᠡ ᠪᠦᠷᠢ᠂ ᠶᠢᠰᠦᠨᠳᠤᠸᠠ᠂ ᠬᠠᠷ᠎ᠠ ᠬᠦᠯᠦᠭ ᠨᠠᠷ ᠴᠠᠭᠠᠲᠠᠢ ᠤᠯᠤᠰ ᠤ᠋ᠨ ᠲᠡᠦᠬᠡᠨ ᠳ᠋ᠦ᠍ ᠨᠡᠷ᠎ᠡ ᠪᠡᠨ ᠦᠯᠡᠳᠡᠭᠡᠭᠰᠡᠨ ᠲᠥᠷᠥ ᠶ᠋ᠢᠨ ᠲᠣᠮᠣᠬᠠᠨ ᠵᠢᠳᠬᠦᠯᠲᠡᠨ ᠨᠦ᠍ᠭᠦᠳ ᠶᠤᠮ᠃
ᠮᠢᠲᠦᠭᠡᠨ ᠦ᠌ ᠠᠬᠠᠮᠠᠳ ᠬᠥᠪᠡᠭᠦᠨ ᠳᠤᠲᠠᠨ ᠭᠡᠳᠡᠭ ᠨᠢᠭᠡ ᠬᠥᠪᠡᠭᠦᠨ ᠲᠡᠢ᠂ ᠳᠤᠲᠠᠨ ᠨᠢ ᠪᠤᠵᠢᠶᠠ ᠭᠡᠳᠡᠭ ᠬᠦᠦ ᠲᠡᠢ᠂ ᠪᠤᠵᠢᠶᠠ ᠨᠢ ᠠᠪ ᠲᠤᠯᠯᠠᠬᠤ ᠭᠡᠳᠡᠭ ᠬᠥᠪᠡᠭᠦᠨ ᠲᠡᠢ ᠪᠠᠢᠵᠠᠢ᠃
ᠮᠢᠲᠦᠭᠡᠨ ᠦ᠌ ᠬᠣᠶᠠᠳᠤᠭᠠᠷ ᠬᠥᠪᠡᠭᠦᠨ ᠪᠦᠷᠢ ᠶ᠋ᠢᠨ ᠲᠤᠬᠠᠢ ᠨᠢᠭᠡᠨ ᠬᠠᠭᠤᠴᠢ ᠶᠠᠷᠢᠶ᠎ᠠ ᠪᠠᠢᠳᠠᠭ᠃ ᠡᠪ ᠤᠭᠯᠠᠨ ᠨᠤᠭᠤᠳ ᠤ᠋ᠨ ᠭᠡᠷ ᠦ᠋ᠨ ᠵᠠᠷᠤᠴᠠ ᠨᠠᠷ ᠴᠤᠭᠯᠠᠷᠠᠵᠤ ᠣᠷᠳᠣᠨ ᠤ᠋ ᠠᠵᠢᠯ ᠳ᠋ᠤ᠌ ᠬᠠᠮᠵᠢᠯᠴᠠᠳᠠᠭ ᠪᠠᠢᠵᠠᠢ᠃ ᠨᠢᠭᠡ ᠤᠳᠠᠭ᠎ᠠ ᠮᠢᠲᠦᠭᠡᠨ ᠬᠠᠭᠠᠨ ᠤ᠋ ᠣᠷᠳᠣᠨ ᠳ᠋ᠤ᠌ ᠣᠷᠣᠬᠤ ᠳ᠋ᠤ᠌ ᠪᠠᠨ ᠣᠯᠠᠨ ᠬᠡᠦᠬᠡᠨ ᠴᠤᠭᠯᠠᠭᠰᠠᠨ ᠢ᠋ ᠬᠠᠷᠠᠵᠠᠢ᠃ ᠲᠡᠳᠡᠨ ᠦ᠌ ᠳᠤᠮᠳᠠ ᠦᠵᠡᠰᠬᠦᠯᠡᠩ ᠲᠡᠢ ᠨᠢᠭᠡᠨ ᠪᠦᠰᠡᠭᠦᠢ ᠪᠠᠢᠬᠤ ᠶ᠋ᠢ ᠦᠵᠡᠭᠰᠡᠨ ᠮᠢᠲᠦᠭᠡᠨ ᠲᠡᠭᠦᠨ ᠲᠡᠢ ᠠᠭᠤᠯᠵᠠᠨ᠂ ᠳᠠᠭᠠᠭᠤᠯᠵᠤ ᠶᠠᠪᠤᠭᠠᠳ ᠥᠷᠥᠭᠡᠨ ᠳ᠋ᠦ᠍ ᠣᠷᠣᠵᠤ ᠨᠡᠢᠯᠡᠭᠰᠡᠨ ᠪᠠᠢᠨ᠎ᠠ᠃ ᠲᠡᠷᠡ ᠪᠦᠰᠡᠭᠦᠢ ᠨᠢ ᠵᠢᠷᠮᠦᠰᠦᠯᠡᠵᠦ ᠮᠠᠭᠠᠳ ᠦᠭᠡᠢ ᠭᠡᠵᠦ ᠦᠵᠡᠭᠡᠳ ᠮᠢᠲᠦᠭᠡᠨ ᠨᠥᠬᠥᠷ ᠡᠴᠡ ᠨᠢ ᠲᠤᠰᠠᠭᠠᠷᠯᠠᠨ ᠬᠠᠮᠠᠭᠠᠯᠠᠬᠤ ᠶ᠋ᠢ ᠲᠤᠰᠢᠶᠠᠪᠠ᠃ ᠲᠡᠷᠡ ᠪᠦᠰᠡᠭᠦᠢ ᠦᠨᠡᠬᠡᠷ ᠵᠢᠷᠮᠦᠰᠦᠨ ᠪᠣᠯᠤᠭᠠᠳ ᠮᠡᠨᠳᠦᠯᠡᠭᠰᠡᠨ ᠬᠦᠦ ᠨᠢ ᠪᠦᠷᠢ ᠶᠤᠮ᠃ ᠪᠦᠷᠢ ᠶ᠋ᠢ ᠮᠡᠨᠳᠦᠯᠡᠭᠰᠡᠨ ᠦ᠌ ᠳᠠᠷᠠᠭ᠎ᠠ ᠲᠡᠭᠦᠨ ᠢ᠋ ᠬᠠᠨ ᠬᠦᠦ ᠶ᠋ᠢᠨ ᠣᠷᠳᠣᠨ ᠤ᠋ ᠬᠠᠯᠠᠮᠵᠢᠨ ᠳ᠋ᠤ᠌ ᠠᠪᠴᠤ ᠡᠬᠡ ᠶ᠋ᠢ ᠨᠢ ᠬᠠᠭᠤᠴᠢᠨ ᠨᠥᠬᠥᠷ ᠲᠡᠢ ᠨᠢ ᠳᠠᠬᠢᠨ ᠨᠡᠢᠯᠡᠭᠦᠯᠦᠭᠰᠡᠨ ᠪᠠᠢᠨ᠎ᠠ᠃ ᠡᠨᠡᠬᠦ ᠪᠦᠷᠢ ᠨᠢ ᠲᠤᠩ ᠵᠣᠷᠢᠭ ᠵᠢᠷᠦᠬᠡ ᠲᠡᠢ᠂ ᠰᠢᠵᠠᠷᠠᠭᠤᠨ ᠡᠷ᠎ᠡ ᠪᠣᠯᠪᠠ᠃ ᠲᠡᠷᠡᠪᠡᠷ ᠰᠣᠭᠲᠣᠬᠤ ᠪᠠᠷ ᠢ᠋ᠶ᠋ᠠᠨ ᠡᠯᠳᠡᠪ ᠢ᠋ ᠶᠠᠷᠢᠵᠤ ᠠᠭᠰᠤᠮᠨᠠᠨ᠎ᠠ᠃ ᠮᠥᠩᠬᠡ ᠬᠠᠭᠠᠨ ᠤ᠋ ᠦᠶ᠎ᠡ ᠳ᠋ᠦ᠍ ᠪᠦᠷᠢ ᠠᠷᠢᠬᠢ ᠤᠤᠭᠤᠵᠤ ᠰᠣᠭᠲᠣᠬᠤ ᠳ᠋ᠤ᠌ ᠪᠠᠨ ᠰᠡᠳᠬᠢᠯ ᠳ᠋ᠦ᠍ ᠪᠡᠨ ᠨᠢᠭᠤᠭᠳᠠᠵᠤ ᠪᠠᠢᠭᠰᠠᠨ ᠬᠣᠷᠣᠰᠤᠯ ᠢ᠋ᠶ᠋ᠠᠨ ᠲᠠᠢᠯᠵᠤ ᠪᠠᠲᠤ ᠶ᠋ᠢ ᠮᠠᠭᠤ ᠬᠡᠯᠡᠨ ᠬᠠᠷᠢᠶᠠᠳᠠᠭ ᠪᠠᠢᠪᠠ᠃ ᠡᠨᠡ ᠲᠤᠬᠠᠢ ᠪᠠᠲᠤ ᠮᠡᠳᠡᠭᠡᠳ ᠲᠡᠭᠦᠨ ᠢ᠋ ᠥᠪᠡᠷ ᠦ᠋ᠨ ᠣᠷᠳᠣᠨ ᠳ᠋ᠤ᠌ ᠢᠷᠡᠭᠦᠯᠬᠦ ᠶ᠋ᠢ ᠱᠠᠭᠠᠷᠳᠠᠵᠠᠢ᠃ ᠮᠥᠩᠬᠡ ᠬᠠᠭᠠᠨ ᠤ᠋ ᠵᠠᠷᠯᠢᠭ ᠢ᠋ᠶ᠋ᠠᠷ ᠮᠥᠩᠬᠡᠰᠠᠷ ᠨᠣᠶᠠᠨ ᠪᠠᠲᠤ ᠶ᠋ᠢᠨ ᠣᠷᠳᠣᠨ ᠳ᠋ᠤ᠌ ᠪᠦᠷᠢ ᠶ᠋ᠢ ᠬᠦᠷᠭᠡᠬᠦ ᠳ᠋ᠦ᠍ ᠪᠠᠲᠤ ᠲᠡᠭᠦᠨ ᠢ᠋ ᠴᠠᠭᠠᠵᠠᠯᠠᠭᠰᠠᠨ ᠪᠠᠢᠨ᠎ᠠ᠃ ᠪᠦᠷᠢ ᠲᠠᠪᠤᠨ ᠬᠥᠪᠡᠭᠦᠨ ᠲᠡᠢ ᠪᠠᠢᠪᠠ᠃ ᠲᠡᠳᠡᠭᠡᠷ ᠡᠴᠡ ᠨᠡᠷ᠎ᠡ ᠳ᠋ᠦ᠍ ᠭᠠᠷᠤᠭᠰᠠᠨ ᠨᠢ ᠤᠳᠬᠤᠨ ᠬᠦᠦ ᠠᠪᠥᠱᠺᠠ ᠪᠥᠭᠡᠳ ᠲᠡᠷᠡ ᠨᠢ ᠤᠷᠤᠭ ᠨᠡᠷᠡᠲᠦ ᠨᠢᠭᠡᠨ ᠬᠥᠪᠡᠭᠦᠨ ᠲᠡᠢ᠃ ᠬᠤᠪᠢᠯᠠᠢ ᠨᠢ ᠠᠷᠢᠭᠪᠥ᠋ᠬᠡ ᠲᠡᠢ ᠬᠠᠭᠠᠨ ᠰᠢᠷᠡᠭᠡ ᠪᠤᠯᠢᠶᠠᠯᠳᠤᠨ ᠡᠪ ᠡᠪᠳᠡᠷᠡᠯᠴᠡᠬᠦ ᠳ᠋ᠦ᠍ ᠪᠡᠨ ᠠᠪᠥᠱᠺᠠᠭ ᠴᠠᠭᠠᠲᠠᠢ ᠶ᠋ᠢᠨ ᠤᠯᠤᠰ ᠤ᠋ᠨ ᠬᠠᠷ᠎ᠠ ᠬᠦᠯᠦᠭ ᠦ᠋ᠨ ᠣᠷᠣᠨ ᠳ᠋ᠤ᠌ ᠡᠵᠡᠨ ᠰᠠᠭᠤᠯᠭᠠᠵᠤ᠂ ᠡᠷᠭᠢᠨ᠎ᠡ ᠬᠠᠲᠤᠨ ᠢ᠋ ᠪᠠᠷᠢᠪᠴᠢᠯᠠᠭᠤᠯᠬᠤ ᠪᠠᠷ ᠶᠠᠪᠤᠭᠤᠯᠵᠠᠢ᠃ ᠵᠠᠮ ᠳ᠋ᠤ᠌ ᠨᠢ ᠠᠷᠢᠭᠪᠥ᠋ᠬᠡ ᠶ᠋ᠢᠨ ᠴᠡᠷᠢᠭ ᠦ᠋ᠳ ᠠᠪᠥᠱᠺᠠᠭ ᠪᠠᠷᠢᠪᠴᠢᠯᠠᠨ ᠠᠪᠠᠴᠢᠵᠠᠢ᠃ ᠵᠠᠷᠢᠮ ᠮᠡᠳᠡᠭᠡ ᠪᠡᠷ ᠮᠥᠩᠬᠡ ᠬᠠᠭᠠᠨ ᠤ᠋ ᠬᠦᠦ ᠠᠰᠤ ᠲᠠᠢ ᠠᠷᠢᠭᠪᠥ᠋ᠬᠡ ᠶ᠋ᠢᠨ ᠲᠤᠰᠢᠶᠠᠯ ᠢ᠋ᠶ᠋ᠠᠷ ᠠᠪᠥᠱᠺᠠᠭ ᠴᠠᠭᠠᠵᠠᠯᠠᠭᠰᠠᠨ ᠭᠡᠬᠦ ᠠᠭᠠᠳ ᠥᠭᠡᠷ᠎ᠡ ᠮᠡᠳᠡᠭᠡ ᠪᠡᠷ ᠡᠨᠡ ᠠᠪᠥᠱᠺᠠ ᠨᠢ ᠬᠤᠪᠢᠯᠠᠢ ᠬᠠᠭᠠᠨ ᠤ᠋ ᠳᠡᠷᠭᠡᠳᠡ ᠪᠠᠢᠩᠭᠤ ᠪᠠᠢᠭᠰᠠᠨ ᠪᠥᠭᠡᠳ ᠳᠠᠷᠠᠭ᠎ᠠ ᠨᠢ ᠬᠤᠪᠢᠯᠠᠢ ᠬᠠᠭᠠᠨ ᠤ᠋ ᠬᠦᠦ ᠥᠯᠵᠡᠢᠲᠦ ᠬᠠᠭᠠᠨ ᠤ᠋ ᠳᠡᠷᠭᠡᠳᠡ ᠨᠠᠰᠤ ᠥᠨᠳᠥᠷ ᠪᠣᠯᠲᠠᠯ᠎ᠠ ᠪᠠᠢᠭᠰᠠᠨ ᠭᠡᠬᠦ ᠠᠵᠠᠢ.
ᠠᠪᠥᠱᠺᠠ ᠶ᠋ᠢᠨ ᠣᠷᠣᠨ ᠳ᠋ᠤ᠌ ᠠᠯᠭᠤᠢ ᠶ᠋ᠢ᠂ ᠠᠷᠢᠭᠪᠥ᠋ᠬᠡ ᠴᠠᠭᠠᠲᠠᠢ ᠶ᠋ᠢᠨ ᠤᠯᠤᠰ ᠢ᠋ ᠵᠠᠬᠢᠷᠤᠭᠤᠯᠬᠤ ᠪᠠᠷ ᠲᠣᠮᠢᠯᠠᠨ ᠶᠠᠪᠤᠭᠤᠯᠵᠠᠢ᠃ ᠠᠯᠭᠤᠢ ᠪᠣᠯ ᠴᠠᠭᠠᠲᠠᠢ ᠶ᠋ᠢᠨ ᠠᠴᠢ᠂ ᠪᠠᠢᠳᠠᠷ ᠤ᠋ᠨ ᠬᠥᠪᠡᠭᠦᠨ ᠪᠢᠯᠡ᠃ ᠠᠷᠢᠭᠪᠥ᠋ᠬᠡ ᠥᠪᠡᠷ ᠦ᠋ᠨ ᠢ᠋ᠶ᠋ᠡᠨ ᠳᠡᠷᠭᠡᠳᠡ ᠠᠯᠪᠠ ᠬᠠᠭᠠᠵᠤ ᠪᠠᠢᠭᠰᠠᠨ ᠠᠯᠭᠤᠢ ᠳ᠋ᠤ᠌ ᠬᠡᠷᠬᠡ᠂ ᠵᠠᠷᠯᠢᠭ ᠢ᠋ᠶ᠋ᠠᠨ ᠠᠳᠬᠤᠭᠤᠯᠤᠨ ᠴᠠᠭᠠᠲᠠᠢ ᠶ᠋ᠢᠨ ᠤᠯᠤᠰ ᠤ᠋ᠨ ᠡᠵᠡᠨ ᠢ᠋ᠶ᠋ᠡᠷ ᠲᠣᠮᠢᠯᠠᠨ ᠶᠠᠪᠤᠭᠤᠯᠬᠤ ᠳ᠋ᠤ᠌ ᠪᠠᠨ ᠳᠣᠷᠣᠨᠠᠲᠤ ᠲᠦᠺᠧᠰᠲᠠᠨ ᠡᠴᠡ ᠲᠠᠷᠢᠶ᠎ᠠ ᠨᠡᠢᠯᠡᠭᠦᠯᠬᠦ᠂ ᠠᠯᠲᠠᠨ ᠣᠷᠳᠣᠨ ᠤ᠋ ᠵᠦᠭ ᠡᠴᠡ ᠬᠤᠪᠢᠯᠠᠢ ᠤᠷᠤᠭᠤ ᠴᠡᠷᠢᠭ ᠢᠯᠡᠭᠡᠬᠦ ᠳ᠋ᠦ᠍ ᠬᠦᠷᠪᠡᠯ ᠲᠡᠭᠦᠨ ᠢ᠋ ᠲᠣᠰᠣᠨ ᠲᠤᠯᠤᠯᠳᠤᠵᠤ ᠮᠣᠩᠭᠣᠯ ᠤᠷᠤᠭᠤ ᠣᠷᠣᠭᠤᠯᠬᠤ ᠦᠭᠡᠢ ᠪᠠᠢᠬᠤ ᠶ᠋ᠢᠨ ᠵᠠᠷᠯᠢᠭᠳᠠᠵᠠᠢ᠃ ᠬᠠᠷ᠎ᠠ ᠬᠦᠯᠦᠭ ᠦ᠋ᠨ ᠬᠠᠲᠤᠨ ᠡᠷᠭᠢᠨᠡᠭ ᠠᠯᠭᠤᠢ ᠥᠪᠡᠷ ᠦ᠋ᠨ ᠬᠠᠲᠤᠨ ᠢ᠋ᠶ᠋ᠠᠨ ᠪᠣᠯᠭᠠᠵᠠᠢ᠃

