ᠵᠢᠮᠪᠦᠷ- ᠰᠠᠩᠵᠠᠢ ᠶ᠋ᠢᠨ ᠰᠠᠨᠲᠠᠭᠳᠣᠷᠵᠢЖимбүүр- Санжаагийн Сандагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠮᠪᠦᠷ- ᠰᠠᠩᠵᠠᠢ ᠶ᠋ᠢᠨ ᠰᠠᠨᠲᠠᠭᠳᠣᠷᠵᠢЖимбүүр- Санжаагийн Сандагдорж

ᠵᠢᠮᠪᠦᠷ- ᠰᠠᠩᠵᠠᠢ ᠶ᠋ᠢᠨ ᠰᠠᠨᠲᠠᠭᠳᠣᠷᠵᠢЖимбүүр- Санжаагийн Сандагдорж

2024-08-29

365

    ᠰᠠᠩᠵᠠᠢ ᠶ᠋ᠢᠨ ᠰᠠᠨᠲᠠᠭᠳᠣᠷᠵᠢ 

ᠳᠣᠯᠣᠩᠲᠤᠭᠰᠠᠨ ᠬᠣᠯᠲᠣᠰᠣ ᠰᠤᠭᠤᠯᠵᠤ 
ᠳᠣᠯᠣᠭᠠᠨ ᠨᠦᠬᠡ ᠭᠠᠷᠭᠠᠭᠠᠳ 
ᠵᠢᠭ ᠵᠣᠭ ᠳᠠᠭᠤ ᠲᠠᠢ 
ᠵᠢᠮᠪᠦᠷ ᠬᠥᠭᠵᠢᠮ ᠬᠢᠪᠡ᠃ 

ᠠᠷᠤ ᠥᠪᠥᠷ ᠦ᠋ᠨ ᠠᠭᠤᠯᠠᠨ ᠳ᠋ᠤ᠌ 
ᠠᠶᠠᠯᠭᠤᠲᠤ ᠵᠢᠮᠪᠦᠷ ᠵᠢᠩᠭᠢᠨᠡᠵᠦ 
ᠬᠣᠨᠢᠴᠢᠨ ᠬᠦᠦ ᠴᠠᠩᠲᠠ ᠶ᠋ᠢᠨ 
ᠬᠣᠶᠠᠷ ᠬᠠᠴᠠᠷ ᠪᠥᠮᠪᠥᠢᠪᠡ᠃

ᠳᠡᠷᠡᠰᠦᠨ ᠳᠤᠮᠳᠠ ᠠ᠋ᠴᠠ ᠳᠡᠭᠳᠡᠭᠰᠡᠨ
ᠳᠡᠯᠳᠡᠩ ᠲᠠᠤᠯᠠᠢ ᠰᠠᠭᠤᠭᠠᠳ
ᠤᠷᠲᠤ ᠴᠢᠬᠢ ᠪᠡᠨ ᠰᠣᠯᠪᠢᠭᠤᠯᠤᠨ
ᠤᠶᠠᠬᠠᠨ ᠠᠶᠠᠯᠭᠤ ᠰᠣᠨᠣᠰᠤᠨ᠎ᠠ᠃

ᠲᠠᠷᠭᠤᠨ ᠵᠤᠷᠠᠮ᠎ᠠ ᠤᠨᠤᠭᠰᠠᠨ
ᠲᠠᠩᠬᠠᠢ ᠴᠣᠭᠴᠠᠭᠢ ᠢᠰᠬᠡᠷᠴᠦ
ᠵᠢᠵᠢᠭ ᠰᠢᠷᠭ᠎ᠠ ᠪᠠᠨ ᠤᠨᠤᠭᠰᠠᠨ
ᠵᠢᠮᠪᠦᠷᠲᠦ ᠬᠦᠦ ᠨᠢ ᠳᠠᠭᠤᠷᠢᠶᠠᠨ᠎ᠠ᠃

ᠬᠠᠷᠠᠵᠠ ᠤᠰᠤ ᠤᠤᠭᠤᠳᠠᠭ ᠦᠭᠡᠢ
ᠬᠠᠭᠳᠠ ᠡᠪᠡᠰᠦ ᠢᠳᠡᠳᠡᠭ ᠦᠭᠡᠢ
ᠬᠠᠷᠪᠢᠩ ᠶᠡᠬᠡᠲᠦ ᠲᠠᠷᠪᠠᠭ᠎ᠠ
ᠬᠠᠷᠠᠨ ᠬᠠᠷᠠᠨ ᠬᠣᠰᠬᠢᠷᠠᠨ᠎ᠠ᠃

ᠣᠢ ᠶ᠋ᠢᠨ ᠥᠷᠭᠡᠨ ᠴᠢᠯᠥᠭᠡᠨ ᠳ᠋ᠦ᠍
ᠣᠭᠳᠤᠷ ᠰᠡᠭᠦᠯ ᠨᠢ ᠴᠠᠢᠷᠠᠭᠰᠠᠨ
ᠬᠥᠪᠴᠢ ᠶ᠋ᠢᠨ ᠪᠣᠷᠣ ᠭᠥᠷᠥᠭᠡᠰᠦ
ᠬᠥᠭ ᠢ᠋ ᠨᠢ ᠰᠣᠨᠣᠰᠤᠭᠠᠳ ᠵᠣᠭ ᠲᠤᠰᠤᠨ᠎ᠠ᠃

ᠱᠣᠪᠬᠣ ᠥᠨᠳᠥᠷ ᠦ᠋ᠨ ᠲᠤᠷᠤᠭ
ᠱᠣᠷᠣᠩ ᠡᠪᠡᠷᠲᠦ ᠶᠠᠩᠭᠤᠳᠠᠢ
ᠬᠠᠷᠠᠩᠭᠤᠢ ᠶᠡᠬᠡ ᠬᠥᠪᠴᠢ ᠡᠴᠡ
ᠬᠠᠷᠢᠭᠤ ᠳ᠋ᠤᠨᠢ ᠪᠠᠰᠠ ᠤᠷᠤᠮᠳᠠᠨ᠎ᠠ᠃

ᠠᠷᠤ ᠥᠪᠥᠷ ᠦ᠋ᠨ ᠠᠭᠤᠯᠠᠨ ᠳ᠋ᠤ᠌
ᠠᠶᠠᠯᠭᠤᠲᠤ ᠵᠢᠮᠪᠦᠷ ᠡᠭᠡᠰᠢᠭᠯᠡᠵᠦ
ᠬᠣᠨᠢᠴᠢᠨ ᠬᠦᠦ ᠴᠠᠩᠳᠠ ᠶ᠋ᠢᠨ
ᠬᠣᠶᠠᠷ ᠬᠠᠴᠠᠷ ᠪᠥᠮᠪᠥᠢᠨ᠎ᠡ

                1961 ᠣᠨ

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ