ᠪᠢ! ᠣᠷᠴᠢᠯᠠᠩ ᠤᠨ ᠨᠡᠢᠰᠯᠡᠯ ᠡᠴᠡ ᠣᠢᠷᠠᠬᠠᠨ ᠯᠠ ᠲᠡᠭᠦᠯᠢᠨᠡᠮ ᠡ – ᠶᠣᠨᠳᠣᠨ ᠤ ᠪᠢᠯᠢᠭ᠌ - ᠪᠠᠭᠠᠲᠤᠷ Би!орчлонгийн нийслэлээс ойрхон л түүлнэм ээ – Ёндоны Билиг - Баатар
ᠪᠢ! ᠣᠷᠴᠢᠯᠠᠩ ᠤᠨ ᠨᠡᠢᠰᠯᠡᠯ ᠡᠴᠡ ᠣᠢᠷᠠᠬᠠᠨ ᠯᠠ ᠲᠡᠭᠦᠯᠢᠨᠡᠮ ᠡ
ᠢᠰᠡᠭᠡᠢ ᠭᠡᠷ ᠲᠦ᠍ ᠪᠢ ᠲᠥᠷᠥᠭᠰᠡᠨ ᠪᠢᠯᠡ ᠠ᠋
ᠢᠷᠡᠭᠡᠳᠦᠢ ᠶ᠋ᠢᠨ ᠲᠦᠮᠡᠨ ᠭᠱᠠᠨ᠎ᠠ ᠪᠢ
ᠢᠯᠡᠭᠦᠳᠡᠭᠰᠡᠨ ᠬᠥᠮᠦᠨ ᠪᠣᠯᠤᠭᠰᠠᠨ ᠠ᠋ᠴᠠ ᠯᠠ
ᠢᠲᠡᠭᠡᠯ ᠵᠢᠷᠤᠮ ᠤᠳᠤᠮ ᠢ᠋ᠶ᠋ᠠᠨ ᠯᠠ ᠡᠭᠦᠷᠴᠦ
ᠢᠯᠠᠭᠤᠭᠰᠠᠨ ᠰᠦᠨᠡᠰᠦ ᠲᠡᠢ ᠪᠡᠨ ᠠᠰᠠᠵᠤ ᠯᠠ
ᠢᠨᠢᠶᠡᠳᠦ ᠮᠢᠰᠢᠶᠡᠯ ᠦ᠋ᠨ ᠠᠶᠤᠩᠭ᠎ᠠ ᠲᠠᠢ
ᠢᠷᠠᠯᠵᠠᠭᠰᠠᠨ ᠴᠡᠴᠡᠭ ᠦ᠋ᠨ ᠳᠠᠪᠠᠯᠭᠠᠨ ᠳ᠋ᠤ᠌
ᠢᠷᠡᠭᠡ ᠦᠭᠡᠢ ᠬᠠᠮᠤᠭ ᠶᠠᠭᠤᠮᠠᠰ ᠢ᠋ ᠡᠷᠢᠵᠦ
ᠦᠵᠡᠭᠡ ᠦᠭᠡᠢ ᠪᠦᠬᠦ ᠵᠦᠢᠯᠡᠰ ᠢ᠋ ᠣᠯᠵᠤ
ᠵᠢᠰᠦᠲᠡᠢ ᠠᠭᠠᠳ ᠤᠬᠠᠭᠠᠨᠲᠠᠢ ᠡᠷᠳᠡᠮᠲᠡᠢ
ᠵᠢᠷᠤᠮ ᠤ᠋ᠨ ᠡᠭᠡᠴᠢ ᠬᠦᠷᠭᠡᠨ ᠠᠬ᠎ᠠ ᠪᠠᠨ
ᠵᠢᠷᠦᠬᠡᠨ ᠡᠴᠡ ᠪᠡᠨ ᠢᠭᠳᠦᠯᠠᠨ ᠢᠭᠳᠦᠯᠠᠨ
ᠵᠣᠷᠢᠭᠠᠳ ᠣᠴᠢᠭᠰᠠᠨ ᠵᠣᠷᠢᠯᠭ᠎ᠠ ᠪᠣᠯᠪᠠᠰᠤ
ᠰᠠᠨᠠᠭᠠᠳ ᠤᠳᠠᠭᠰᠠᠨ ᠤ᠋ ᠭᠠᠭᠴᠠ ᠰᠢᠯᠲᠠᠭᠠᠨ
ᠴᠠᠪ ᠴᠡᠩᠬᠡᠷ ᠣᠭᠲᠠᠷᠭᠤᠢ ᠳ᠋ᠤ᠌ ᠨᠢ ᠯᠡ
ᠴᠠᠪ ᠴᠠᠭᠠᠨ ᠠᠷᠪᠠᠨ ᠭᠤᠷᠪᠠᠨ ᠲᠠᠭᠲᠠᠭ᠎ᠠ
ᠠᠭᠠᠷ ᠠᠮᠢᠰᠬᠤᠭ᠎ᠠ ᠶ᠋ᠢ ᠰᠢᠪᠲᠡ ᠰᠡᠯᠢᠨ!
ᠠᠯᠢᠶᠠᠯᠠᠵᠤ ᠴᠡᠴᠡᠭᠯᠡᠩᠭᠡᠨ ᠬᠠᠯᠢᠨ ᠳᠡᠪᠳᠡᠷᠢᠮᠦᠢ
ᠡᠢᠮᠦ ᠯᠡ ᠠᠢᠯ ᠤ᠋ᠨ ᠭᠣᠯᠣᠮᠲᠠ ᠠ᠋ᠴᠠ ᠯᠠ
ᠡᠩᠬᠡ ᠲᠠᠢᠪᠤᠩ ᠮᠡᠨᠳᠦᠯᠡᠭᠰᠡᠨ ᠪᠠᠢᠬ᠎ᠠ!
ᠣᠩᠭᠣᠳ ᠤ᠋ᠨ ᠮᠥᠩᠬᠡ ᠲᠡᠭᠷᠢ ᠨᠠᠳᠠᠳᠤ
ᠣᠷᠴᠢᠯᠠᠩ ᠤ᠋ᠨ ᠨᠡᠢᠰᠯᠡᠯ ᠳ᠋ᠦ᠍ ᠬᠦᠷᠬᠦ ᠵᠠᠮ ᠢ᠋
ᠤᠷᠠᠨ ᠰᠠᠢᠬᠠᠨ ᠳᠡᠯᠭᠡᠷ ᠤᠬᠠᠭᠠᠨ ᠢ᠋ᠶ᠋ᠠᠷ ᠯᠠ
ᠤᠤᠯ ᠨᠢ ᠳᠡᠪᠢᠰᠦᠭᠰᠡᠨ ᠪᠠᠢᠭ᠎ᠠ ᠶᠤᠮ ᠳᠠ
᠁ ᠬᠥᠭᠡᠷᠦᠬᠦᠢ ᠮᠢᠨᠢ ᠠ᠋ ᠁
᠁ ᠬᠥᠬᠡ ᠲᠡᠭᠷᠢ ᠮᠢᠨᠢ ᠠ᠋ ᠁
2024᠂ 08᠂ 27᠃ 18᠄ 13᠃ ᠮᠢᠨᠦ᠋ᠲ᠃
ᠬᠥᠬᠡᠬᠣᠲᠠ ᠶ᠋ᠢᠨ ᠨᠡᠢᠲᠡ ᠶ᠋ᠢᠨ ᠮᠠᠰᠢᠨ ᠲᠡᠷᠭᠡᠨ ᠳᠡᠭᠡᠷ᠎ᠡ
ᠨᠢᠭᠦᠯᠡᠰᠦᠩᠭᠦᠢ ᠲᠠᠩᠰᠤᠭ ᠨᠢᠭᠡᠨ ᠰᠡᠳᠬᠢᠯ ᠢ᠋ᠶ᠋ᠡᠷ ᠪᠦᠲᠦᠭᠡᠪᠡᠢ᠃