ᠬᠣᠭᠣᠯᠲᠠ ᠶ᠋ᠢᠨ ᠥᠨᠳᠥᠷ ᠣᠷᠪᠣᠭ -ᠮᠥᠩᠭᠥᠨᠳᠠᠯᠠᠢХоолтын өндөр орвог-Мөнгөндалай ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠭᠣᠯᠲᠠ ᠶ᠋ᠢᠨ ᠥᠨᠳᠥᠷ ᠣᠷᠪᠣᠭ -ᠮᠥᠩᠭᠥᠨᠳᠠᠯᠠᠢХоолтын өндөр орвог-Мөнгөндалай

ᠬᠣᠭᠣᠯᠲᠠ ᠶ᠋ᠢᠨ ᠥᠨᠳᠥᠷ ᠣᠷᠪᠣᠭ -ᠮᠥᠩᠭᠥᠨᠳᠠᠯᠠᠢХоолтын өндөр орвог-Мөнгөндалай

2024-08-28

1152

ᠬᠠᠩᠬ᠎ᠡ ᠠᠷᠠᠳ ᠤ᠋ᠨ ᠳᠠᠭᠤᠤ

   ᠠᠷᠠᠳ ᠤ᠋ᠨ ᠳᠠᠭᠤᠴᠢᠨ᠄ ᠮᠥᠩᠭᠥᠨᠳᠠᠯᠠᠢ 

ᠵᠡᠭᠡᠷᠳᠡ ᠬᠠᠯᠲᠠᠷ ᠮᠣᠷᠢ ᠴᠢᠨᠢ 
ᠵᠡᠭᠡᠰᠦᠨ ᠯᠡ ᠰᠠᠢᠬᠠᠨ ᠠᠯᠬᠤᠭ᠎ᠠ ᠲᠠᠢ 
ᠵᠡᠭᠡᠷᠡᠨ ᠳ᠋ᠦ᠍ ᠲᠠᠯᠪᠢᠭᠰᠠᠨ ᠬᠠᠪᠬ᠎ᠠ ᠶ᠋ᠢ ᠪᠡᠨ 
ᠵᠢᠭᠲᠡᠢ ᠯᠡ ᠰᠠᠢᠬᠠᠨ ᠴᠥᠯᠮᠥᠵᠡᠢ ᠳ᠋ᠣᠣ 

ᠯᠤᠤ ᠶᠣ᠌ ᠬᠤᠸᠠᠷ ᠲᠠᠢ ᠰᠢᠭᠤᠳᠠᠢ ᠪᠠᠨ 
ᠰᠡᠭᠦᠵᠢᠨ ᠳᠡᠭᠡᠷ᠎ᠡ ᠪᠡᠨ ᠪᠠᠯᠳᠠᠯᠵᠠᠭᠤᠯᠤᠭᠠᠳ 
ᠯᠤᠤᠪᠠᠩ ᠰᠢᠷ᠎ᠠ ᠣᠨᠳᠣᠷᠤᠮ᠎ᠠ 
ᠯᠤᠤᠬᠠᠨ ᠯᠤᠭᠠᠷ ᠢ᠋ᠶ᠋ᠠᠨ ᠰᠦᠭᠦᠵᠢᠯᠳᠡᠨ᠎ᠡ 

ᠷᠠᠰᠢᠶᠠᠨ ᠰᠢᠳᠤᠤ ᠪᠠᠢᠲᠠᠯ᠎ᠠ
ᠦᠶᠡᠷ ᠡᠴᠡ ᠪᠡᠨ ᠶᠠᠭᠤᠨ ᠳ᠋ᠤ᠌ ᠪᠠᠨ ᠠᠶᠤᠬᠤ ᠶᠤᠮ ᠳ᠋ᠣᠣ
ᠠᠯᠲᠠᠨᠰᠣ᠎ᠡ ᠪᠡᠷᠭᠡᠨ ᠪᠠᠢᠲᠠᠯ᠎ᠠ
ᠦᠶ᠎ᠡ ᠶ᠋ᠢ ᠪᠡᠨ ᠶᠠᠭᠤᠨ ᠳ᠋ᠤ᠌ ᠪᠠᠨ ᠠᠯᠳᠠᠬᠤ ᠶᠤᠮ ᠳ᠋ᠣᠣ

ᠬᠠᠯᠵᠠᠨ ᠲᠤᠭᠤᠯ ᠭᠠᠷᠭᠠᠳᠠᠭ ᠨᠢ
ᠬᠠᠷ᠎ᠠ ᠪᠤᠬᠠᠨ ᠤ᠋ ᠤᠷᠰᠢᠭ ᠰᠢᠦ
ᠬᠠᠳᠠᠮ ᠠᠪᠤ ᠶ᠋ᠢ ᠪᠡᠨ ᠳᠠᠭᠤᠯᠠᠭᠤᠯᠳᠠᠭ ᠨᠢ
ᠬᠠᠩᠭᠢᠨ ᠰᠤᠮᠢᠶ᠎ᠠ ᠶ᠋ᠢᠨ ᠤᠷᠰᠢᠭ ᠰᠢᠦ

   ᠦᠰᠦᠭ ᠠᠮᠢᠯᠠᠭᠤᠯᠵᠤ ᠬᠠᠲᠠᠭᠰᠠᠨ ᠨᠢ᠄ ᠲᠣᠳᠣᠭᠡᠷᠡᠯ
   ᠦᠰᠦᠭ ᠬᠢᠨᠠᠭᠴᠢ᠄ ᠣᠳᠬᠠᠨᠰᠣ᠎ᠡ᠂ ᠤᠷᠠᠨᠲᠠᠨ᠎ᠠ