ᠵᠢᠭᠮᠢᠳ ᠲᠣᠭᠮᠢᠳ ᠬᠣᠶᠠᠷ -ᠳᠠᠮᠳᠢᠨᠴᠤᠤ ᠶ᠋ᠢᠨ ᠰᠣᠳᠨᠠᠮᠳᠣᠷᠵᠢ Жигмид догмид хоёр-Дамдинчуугийн Содномдорж
ᠳᠠᠮᠳᠢᠨᠴᠤᠤ ᠶ᠋ᠢᠨ ᠰᠣᠳᠨᠠᠮᠳᠣᠷᠵᠢ
ᠵᠢᠭᠮᠢᠳ ᠲᠣᠭᠮᠢᠳ ᠬᠣᠶᠠᠷ
ᠵᠢᠮᠢᠰᠦᠨ ᠳ᠋ᠦ᠍ ᠬᠠᠮᠲᠤ ᠶᠠᠪᠤᠵᠠᠢ
ᠠᠭᠤᠯᠠ ᠶ᠋ᠢᠨ ᠮᠣᠳᠣᠨ ᠳ᠋ᠤ᠌ ᠣᠴᠢᠭᠠᠳ
ᠤᠷᠤᠯᠳᠤᠵᠤ ᠲᠡᠭᠦᠬᠦ ᠪᠡᠷ ᠪᠣᠯᠵᠠᠢ᠃
ᠪᠠᠭ᠎ᠠ ᠰᠠᠪᠠ ᠲᠠᠢ ᠵᠢᠭᠮᠢᠳ
ᠲᠦᠷᠦᠭᠦᠯᠡᠨ᠎ᠡ ᠭᠡᠵᠦ ᠪᠠᠷᠳᠠᠵᠠᠢ᠂
ᠲᠣᠮᠣ ᠰᠠᠪᠠ ᠲᠠᠢ ᠲᠣᠭᠮᠢᠳ
ᠰᠡᠭᠦᠯᠳᠡᠨᠡ ᠭᠡᠵᠦ ᠰᠦᠷᠳᠡᠵᠡᠢ᠃
ᠲᠡᠭᠦᠭᠰᠡᠭᠡᠷ ᠪᠠᠢᠭᠠᠳ ᠲᠣᠭᠮᠢᠳ ᠤ᠋ᠨ
ᠰᠠᠭᠰᠤ ᠨᠢ ᠳᠦᠭᠦᠷᠦᠭᠡᠳ ᠢᠷᠡᠵᠡᠢ᠂
ᠢᠳᠡᠭᠰᠡᠭᠡᠷ ᠪᠠᠢᠭᠠᠳ ᠵᠢᠭᠮᠢᠳ ᠦ᠋ᠨ
ᠭᠡᠳᠡᠰᠦ ᠨᠢ ᠴᠠᠳᠤᠭᠠᠳ ᠢᠷᠡᠵᠡᠢ᠃
1955 ᠣᠨ
ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
ᠬᠢᠨᠠᠭᠴᠢ ᠄ ᠰᠡᠬᠡᠭᠡᠷᠡᠯ᠂ ᠣᠳᠬᠠᠨᠰᠣ᠎ᠠ
