ᠨᠠᠷᠠ ᠨᠠᠮᠠᠶ᠋ᠢ ᠳᠠᠭᠠᠭᠠᠳ ᠰᠠᠯᠳᠠᠭ ᠦᠭᠡᠢНар намайг дагаад салдаггүй
ᠨᠠᠷᠠ ᠨᠠᠮᠠᠶ᠋ᠢ
ᠬᠠᠮᠢᠭ᠎ᠠ ᠴᠤ᠌ ᠶᠠᠪᠤᠭᠰᠠᠨ
ᠨᠠᠢᠵᠠ ᠮᠢᠨᠢ ᠶᠦᠮ ᠰᠢᠭ
ᠳᠠᠭᠠᠭᠠᠳ ᠰᠠᠯᠳᠠᠭ ᠦᠭᠡᠢ᠃
ᠠᠯᠤᠰ ᠬᠥᠳᠡᠭᠡ
ᠬᠦᠷᠦᠭᠡᠳ ᠣᠴᠢᠬᠤ ᠳ᠋ᠤ᠌
ᠠᠷᠤ ᠠ᠋ᠴᠠ ᠳᠠᠭᠠᠭᠠᠳ
ᠢᠷᠡᠴᠢᠬᠡᠭᠰᠡᠨ ᠪᠠᠢᠬᠤ ᠶᠤᠮ᠃
ᠬᠠᠷᠢᠨ ᠡᠳᠦᠢ ᠳ᠋ᠦ᠍
ᠬᠣᠲᠠ ᠳ᠋ᠤ᠌ ᠬᠠᠷᠠᠩᠭᠤᠢ
ᠬᠠᠮᠤᠭ ᠬᠡᠦᠬᠡᠳ
ᠠᠶᠤᠵᠤ ᠰᠠᠭᠤᠭ᠎ᠠ ᠪᠣᠯᠪᠠ ᠤᠤ?
ᠡᠰᠡᠬᠦᠯ᠎ᠡ ᠬᠥᠳᠡᠭᠡ ᠳ᠋ᠦ᠍
ᠥᠭᠡᠷ᠎ᠡ ᠨᠢᠭᠡ ᠨᠠᠷᠠ
ᠡᠨᠡ ᠨᠤᠲᠤᠭ ᠢ᠋
ᠭᠡᠢᠭᠦᠯᠵᠦ ᠪᠠᠢᠨ᠎ᠠ ᠤᠤ?
ᠬᠣᠲᠠ ᠶ᠋ᠢᠨ ᠬᠢ ᠲᠡᠢ ᠲᠡᠭᠡᠪᠡᠯ
ᠬᠥᠳᠡᠭᠡ ᠶ᠋ᠢᠨ ᠨᠠᠷᠠ
ᠬᠣᠭᠣᠷᠣᠨᠳᠣ ᠪᠠᠨ ᠶᠠᠮᠠᠷ
ᠠᠳᠠᠯᠢᠬᠠᠨ ᠶᠤᠮ ᠪᠣᠢ?
ᠨᠠᠷᠠ ᠨᠠᠮᠠᠶ᠋ᠢ
ᠬᠠᠮᠢᠭ᠎ᠠ ᠴᠤ᠌ ᠶᠠᠪᠤᠭᠰᠠᠨ
ᠨᠠᠢᠵᠠ ᠮᠢᠨᠢ ᠶᠦᠮ ᠰᠢᠭ᠋
ᠳᠠᠭᠠᠭᠠᠳ ᠰᠠᠯᠳᠠᠭ ᠦᠭᠡᠢ᠃
2004 ᠣᠨ
ᠦᠰᠦᠭ ᠠᠮᠢᠯᠠᠭᠤᠯᠤᠭᠴᠢ᠄ ᠪᠠᠶᠠᠨᠰᠡᠷᠡᠩ
ᠬᠢᠨᠠᠭᠴᠢ ᠪᠠᠭᠰᠢ᠄ ᠣᠳᠬᠠᠨᠰᠣ᠎ᠠ
