ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠶᠢᠰᠦ) Сэрүүхэн тал нутаг–<свис> Вальтер Босгард (Walter Bosshard)- Дөрөвдүгээр бөлөг 9 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠶᠢᠰᠦ) Сэрүүхэн тал нутаг–<свис> Вальтер Босгард (Walter Bosshard)- Дөрөвдүгээр бөлөг 9

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠶᠢᠰᠦ) Сэрүүхэн тал нутаг–<свис> Вальтер Босгард (Walter Bosshard)- Дөрөвдүгээр бөлөг 9

ᠠᠩᠭᠢᠯᠠᠯ:ᠲᠤᠭᠤᠵᠢ ᠷᠣᠮᠠᠨ
2024-08-28

300

ᠶᠢᠰᠦ ᠂ ᠥᠯᠵᠡᠢᠮᠡᠨᠳᠦ – ᠡᠮᠡᠭᠲᠡᠢ ᠶ᠋ᠢᠨ ᠡᠮᠴᠢ ᠪᠥᠭᠡᠳ ᠣᠪᠢᠳᠠᠰᠴᠢᠨ


       ᠨᠢᠭᠡᠨ ᠥᠷᠯᠥᠭᠡ ᠷᠠᠰᠢ ᠨᠠᠳᠠ ᠳ᠋ᠤ᠌ ᠥᠯᠵᠡᠢᠮᠡᠨᠳᠦ ᠬᠡᠮᠡᠬᠦ ᠠᠷᠤ ᠮᠣᠩᠭᠣᠯ ᠤ᠋ᠨ ᠬᠡᠷᠦᠯᠦᠨ ᠮᠥᠷᠡᠨ ᠦ᠌ ᠲᠡᠨᠳᠡ ᠡᠴᠡ ᠢᠷᠡᠭᠰᠡᠨ ᠥᠪᠠᠳᠢᠰᠴᠢᠨ ᠠᠳᠠ ᠠ᠋ᠴᠠ ᠬᠣᠷᠢᠨ ᠭᠠᠵᠠᠷ ᠵᠠᠢᠲᠠᠢ ᠠᠨᠠᠨ ᠭᠡᠬᠦ ᠭᠠᠵᠠᠷ ᠲᠤ᠌ ᠢᠷᠡᠵᠦ᠂ ᠳᠠᠷᠠᠭᠠᠴᠢ ᠶ᠋ᠢᠨ ᠬᠣᠶᠠᠷ ᠦᠳᠡᠰᠢ ᠪᠡᠷ ᠪᠦᠰᠡᠭᠦᠢ ᠬᠡᠦᠬᠡᠳ ᠦ᠋ᠨ ᠡᠪᠡᠳᠴᠢᠨ ᠵᠣᠪᠠᠯᠠᠩ ᠢ᠋ ᠠᠷᠢᠯᠭᠠᠵᠤ ᠥᠭᠭᠦᠨ᠎ᠡ ᠭᠡᠰᠡᠨ ᠴᠢᠮᠡᠭᠡ ᠶ᠋ᠢ ᠬᠡᠯᠡᠵᠦ ᠥᠭᠪᠡ᠃ 
       – ᠡᠮᠡᠭᠲᠡᠢ ᠶ᠋ᠢᠨ ᠰᠠᠯᠠᠭᠠᠨ ᠤ᠋ ᠮᠣᠩᠭᠣᠯ ᠡᠮᠴᠢ! ᠪᠢ ᠲᠡᠭᠦᠨ ᠲᠡᠢ ᠲᠠᠨᠢᠯᠴᠠᠶ᠎ᠠ ᠭᠡᠵᠦ ᠬᠦᠰᠡᠵᠦ ᠪᠠᠢᠨ᠎ᠠ᠃ 
       – ᠲᠡᠷᠡ ᠴᠢᠨᠢ ᠡᠮᠴᠢ ᠡᠴᠡ ᠬᠣᠯᠠ ᠢᠯᠡᠭᠦᠦ ᠰᠢᠦ ᠳᠡ᠂ ᠤᠪᠠᠳᠢᠰ ᠭᠠᠷᠭᠠᠨ ᠡᠪᠡᠳᠴᠢᠨ ᠡᠳᠡᠭᠡᠷᠡᠭᠦᠯᠵᠦ ᠴᠢᠳᠠᠨ᠎ᠠ ᠰᠢᠦ !
       – ᠲᠡᠭᠡᠪᠡᠯ ᠨᠡᠩ ᠰᠠᠢᠨ᠂ ᠬᠡᠵᠢᠶ᠎ᠡ ᠡᠴᠡ ᠡᠬᠢᠯᠡᠨ᠎ᠡ ᠭᠡᠵᠦ ᠪᠠᠢᠨ᠎ᠠ ᠪᠣᠢ? ᠮᠢᠨᠦ ᠬᠣᠱᠣᠩᠨᠠᠨ ᠶᠠᠷᠢᠬᠤ ᠶ᠋ᠢ ᠪᠠᠭᠰᠢ ᠮᠠᠨᠢ ᠠᠩᠵᠠᠭᠠᠷᠠᠯ ᠦᠭᠡᠢ ᠪᠡᠷ :
       – ᠬᠡᠷᠪᠡ ᠪᠢᠳᠡ ᠠᠳᠠ ᠠ᠋ᠴᠠ ᠦᠳᠡ ᠶ᠋ᠢᠨ ᠬᠣᠢᠨ᠎ᠠ ᠳᠥᠷᠪᠡᠨ ᠴᠠᠭ ᠤ᠋ᠨ ᠦᠶ᠎ᠡ ᠪᠡᠷ ᠮᠣᠷᠳᠠᠪᠠᠯ ᠲᠡᠨᠳᠡ ᠴᠦ᠍ ᠡᠷᠲᠡ ᠬᠦᠷᠦᠨ᠎ᠡ ᠪᠠᠢᠬ᠎ᠠ ᠳᠠ ! ᠥᠯᠵᠡᠢᠮᠡᠨᠳᠦ ᠶ᠋ᠢᠨ ᠡᠮᠴᠢᠯᠡᠭᠡ ᠶᠡᠷᠦᠳᠡ ᠶ᠋ᠢᠨ ᠪᠠᠢᠳᠠᠯ ᠳ᠋ᠤ᠌ ᠲᠠᠪᠤ ᠠ᠋ᠴᠠ ᠵᠢᠷᠭᠤᠭᠠᠨ ᠴᠠᠭ ᠤ᠋ᠨ ᠬᠣᠭᠣᠷᠣᠨᠳᠣ ᠡᠬᠢᠯᠡᠳᠡᠭ ᠶᠦᠮ ᠭᠡᠯ᠎ᠡ᠃ 
       ᠦᠳᠡ ᠶ᠋ᠢᠨ ᠬᠣᠢᠨ᠎ᠠ ᠪᠢᠳᠡ ᠮᠣᠷᠳᠠᠨ ᠭᠠᠷᠤᠭᠠᠳ᠂ ᠨᠠᠷᠠ ᠡᠷᠲᠡ ᠪᠠᠢᠬᠤ ᠪᠣᠯᠬᠣᠷ ᠵᠠᠮ ᠳ᠋ᠠᠭᠠᠨ ᠠᠢᠯ ᠢ᠋ᠶ᠋ᠠᠷ ᠣᠷᠣᠵᠤ ᠠᠶᠠᠭ᠎ᠠ ᠴᠠᠢ ᠤᠤᠭᠤᠵᠤ ᠠᠪᠤᠭᠠᠳ ᠲᠠᠪᠤᠨ ᠴᠠᠭ ᠥᠩᠭᠡᠷᠡᠰᠬᠢᠬᠦ ᠶ᠋ᠢᠨ ᠦᠶᠡᠰ ᠢ᠋ᠶ᠋ᠡᠷ ᠳᠡᠭᠡᠷ᠎ᠡ ᠪᠡᠨ ᠶᠡᠬᠡ ᠣᠪᠣᠭ᠎ᠠ ᠲᠠᠢ ᠣᠷᠣᠢ ᠳᠡᠭᠡᠷ᠎ᠡ ᠬᠦᠷᠦᠯ᠎ᠡ᠃ ᠵᠠᠮ ᠳ᠋ᠠᠭᠠᠨ ᠷᠠᠰᠢ ᠮᠣᠷᠢᠨ ᠠ᠋ᠴᠠ ᠪᠠᠭᠤᠵᠤ ᠴᠢᠯᠠᠭᠤ ᠲᠡᠭᠦᠵᠦ ᠪᠠᠢᠭᠰᠠᠨ ᠪᠥᠭᠡᠳ ᠨᠠᠮᠠᠶ᠋ᠢ ᠭᠦᠢᠴᠡᠨ ᠢᠷᠡᠬᠦ ᠪᠡᠷ ᠣᠪᠣᠭᠠᠨ ᠳ᠋ᠤ᠌ ᠨᠡᠮᠡᠬᠦ ᠴᠢᠯᠠᠭᠤᠳ ᠠ᠋ᠴᠠ ᠪᠠᠨ ᠭᠤᠷᠪᠠ ᠶ᠋ᠢ ᠥᠭᠭᠦᠭᠡᠳ᠄ 
       – ᠭᠠᠵᠠᠷ ᠤ᠋ᠨ ᠡᠵᠡᠨ ᠰᠠᠬᠢᠭᠤᠰᠤ ᠪᠢᠳᠡᠨ ᠢ᠋ ᠢᠪᠡᠭᠡᠨ ᠬᠠᠮᠠᠭᠠᠯᠠᠬᠤ ᠪᠣᠯᠤᠭᠠᠰᠠᠢ ᠭᠡᠮᠡᠨ ᠶᠠᠷᠢᠯ᠎ᠠ᠃ 
       ᠠᠨᠠᠨ ᠬᠦᠷᠲᠡᠯ᠎ᠡ ᠳᠠᠪᠬᠢᠭᠤᠯᠤᠭᠠᠳ ᠣᠢᠷᠠᠲᠤᠨ ᠬᠦᠷᠬᠦ ᠳ᠋ᠦ᠍ ᠪᠦᠰᠡᠭᠦᠢ ᠬᠡᠦᠬᠡᠳ ᠰᠠᠭᠤᠭᠰᠠᠨ ᠬᠠᠮᠤᠭ ᠤ᠋ᠨ ᠰᠡᠭᠦᠯᠴᠢ ᠶ᠋ᠢᠨ ᠦᠬᠡᠷ ᠲᠡᠷᠭᠡ ᠪᠤᠴᠠᠨ ᠶᠠᠪᠤᠵᠤ ᠪᠠᠢᠭ᠎ᠠ ᠲᠠᠢ ᠲᠣᠬᠢᠶᠠᠯᠳᠤᠪᠠ᠃ ᠬᠠᠷᠢᠨ ᠣᠪᠣᠭᠠᠨ ᠤ᠋ ᠰᠠᠬᠢᠭᠤᠰᠤ ᠡᠨᠡ ᠲᠤᠬᠠᠢ ᠶᠠᠮᠠᠷ ᠴᠤ᠌ ᠵᠦᠩ ᠰᠤᠪᠢᠨ ᠥᠭᠭᠦᠭᠡ ᠦᠭᠡᠢ ᠶᠤᠮᠰᠠᠨ᠃ 
       – ᠥᠯᠵᠡᠢᠮᠡᠨᠲᠦ ᠥᠨᠥᠳᠥᠷ ᠢᠷᠡᠬᠦ ᠦᠭᠡᠢ᠃ ᠲᠡᠷᠡ ᠥᠨᠥᠳᠥᠷ ᠮᠣᠷᠢ ᠬᠤᠳᠠᠯᠳᠤᠨ ᠠᠪᠴᠤ ᠪᠠᠢᠭ᠎ᠠ ᠲᠤᠯᠠ ᠮᠠᠷᠭᠠᠰᠢ ᠥᠷᠯᠥᠭᠡ ᠠᠷᠪᠠᠨ ᠴᠠᠭ ᠲᠤ᠌ ᠲᠡᠭᠦᠨ ᠦ᠌ ᠪᠤᠶᠠᠨ ᠨᠣᠮ ᠢ᠋ᠶ᠋ᠠᠨ ᠬᠢᠨ᠎ᠡ ᠭᠡᠵᠦ ᠪᠠᠢᠨ᠎ᠠ ᠭᠡᠵᠦ ᠷᠠᠰᠢ ᠶ᠋ᠢᠨ ᠠᠰᠠᠭᠤᠭᠰᠠᠨ ᠢ᠋ ᠬᠠᠷᠢᠭᠤᠯᠤᠯ᠎ᠠ᠃  
       ᠪᠢᠳᠡᠨ ᠰᠡᠳᠬᠢᠯ ᠴᠥᠬᠥᠷᠡᠨ ᠭᠡᠷ ᠤᠷᠤᠭᠤ ᠪᠠᠨ ᠪᠤᠴᠠᠵᠤ ᠳᠠᠪᠬᠢᠭᠤᠯᠬᠤ ᠵᠠᠮ ᠳ᠋ᠠᠭᠠᠨ ᠷᠠᠰᠢ ᠨᠠᠳᠠ ᠳ᠋ᠤ᠌ ᠡᠨᠡ ᠬᠦ᠌ ᠨᠡᠷᠡᠲᠡᠢ ᠬᠥᠮᠦᠨ ᠦ᠌ ᠭᠠᠢᠬᠠᠮᠰᠢᠭᠲᠤ ᠴᠢᠳᠠᠪᠤᠷᠢ ᠶ᠋ᠢᠨ ᠲᠤᠬᠠᠢ ᠶᠠᠷᠢᠵᠤ ᠥᠭᠭᠦᠯ᠎ᠡ᠃ 
       – ᠲᠡᠷᠡ ᠵᠥᠪᠬᠡᠨ ᠪᠦᠰᠡᠭᠦᠢ ᠬᠡᠦᠬᠡᠳ ᠦ᠋ᠨ ᠡᠪᠡᠳᠴᠢᠨ ᠢ᠋ ᠡᠳᠡᠭᠡᠭᠡᠬᠦ ᠪᠢᠰᠢ᠂ ᠬᠠᠷᠢᠨ ᠪᠠᠰᠠ ᠨᠣᠮ ᠪᠢᠴᠢᠭ ᠡᠴᠡ ᠪᠡᠨ ᠢᠷᠡᠭᠡᠳᠦᠢ ᠶ᠋ᠢ ᠮᠡᠳᠡᠵᠦ ᠴᠢᠳᠠᠳᠠᠭ᠃ ᠲᠡᠷᠡ ᠴᠢᠮᠠᠶ᠋ᠢ ᠨᠢᠭᠡ ᠯᠡ ᠬᠠᠷᠠᠭᠠᠳ ᠴᠢᠨᠦ ᠠᠯᠢᠪᠠ ᠪᠣᠳᠣᠯ ᠢ᠋ ᠴᠢᠨᠢ ᠮᠡᠳᠡᠵᠦ ᠳᠡᠢᠯᠦᠨ᠎ᠡ ᠃ ᠦᠬᠦᠭᠰᠡᠨ ᠬᠥᠮᠦᠨ ᠢ᠋ ᠴᠦ᠍ ᠠᠮᠢᠯᠠᠭᠤᠯᠵᠤ ᠴᠢᠳᠠᠳᠠᠭ ᠡᠷᠳᠡᠮ ᠲᠡᠢ ᠰᠢᠦ᠃ 
       – ᠴᠢ ᠲᠡᠭᠦᠨ ᠢ᠋ ᠨᠢ ᠥᠪᠡᠷ ᠦ᠋ᠨ ᠪᠡᠶ᠎ᠡ ᠪᠡᠷ ᠢ᠋ᠶ᠋ᠡᠨ ᠦᠵᠡᠭᠰᠡᠨ ᠤᠤ ? 
       – ᠦᠭᠡᠢ᠂ ᠬᠥᠮᠦᠰ ᠲᠡᠭᠡᠵᠦ ᠬᠡᠯᠡᠵᠦ ᠪᠠᠢᠭᠰᠠᠨ᠃ ᠦᠳᠡᠰᠢ ᠨᠢ ᠷᠠᠰᠢ ᠮᠠᠷᠭᠠᠰᠢ ᠥᠷᠯᠥᠭᠡ ᠰᠠᠷᠵᠢ ᠪᠣᠯᠤᠨ ᠪᠢᠴᠢᠬᠠᠨ ᠬᠦᠦ ᠪᠡᠨ ᠴᠦ᠍ ᠳᠠᠭᠠᠭᠤᠯᠤᠨ ᠣᠴᠢᠬᠤ ᠪᠠᠷ ᠲᠣᠭᠲᠠᠭᠠᠳ᠄  
       – ᠰᠠᠷᠵᠢ ᠲᠡᠳᠡᠨ ᠳ᠋ᠦ᠍ ᠣᠳᠣᠬᠠᠨ ᠳ᠋ᠠᠭᠠᠨ ᠳᠤᠲᠠᠬᠤ ᠶᠠᠭᠤᠮ᠎ᠠ ᠦᠭᠡᠢ ᠪᠣᠯᠪᠠᠴᠤ ᠲᠡᠨᠳᠡ ᠬᠦᠷᠴᠦ ᠶᠡᠬᠡ ᠪᠠᠭᠰᠢ ᠲᠠᠢ ᠠᠭᠤᠯᠵᠠᠬᠤ ᠨᠢ ᠬᠣᠬᠢᠷᠠᠬᠤ ᠵᠦᠢᠯ ᠭᠡᠵᠦ ᠠᠯᠠᠭ᠎ᠠ ᠯᠠ ᠳᠠ᠃ ᠬᠣᠩᠭᠣᠷ ᠴᠤ᠌ ᠭᠠᠭᠴᠠᠭᠠᠷ ᠢ᠋ᠶ᠋ᠠᠨ ᠬᠣᠨᠢᠨ ᠰᠦᠷᠦᠭ ᠢ᠋ᠶ᠋ᠡᠨ ᠬᠠᠷᠠᠵᠤ ᠳᠡᠢᠯᠬᠦ ᠴᠢᠳᠠᠯ ᠲᠠᠢ ᠪᠣᠯᠵᠠᠢ ᠭᠡᠯ᠎ᠡ᠃ ᠷᠠᠰᠢ ᠭᠡᠷ ᠤᠷᠤᠭᠤ ᠪᠠᠨ ᠪᠤᠴᠠᠬᠤ ᠪᠠᠷ ᠰᠠᠯᠬᠤ ᠶᠣᠰᠣ ᠬᠢᠭᠡᠳ ᠮᠠᠷᠭᠠᠰᠢ ᠥᠷᠯᠥᠭᠡ ᠲᠡᠳᠡᠨ ᠦ᠌ ᠬᠢᠨ ᠳ᠋ᠦ᠍ ᠠᠭᠤᠯᠵᠠᠬᠤ ᠪᠠᠷ ᠲᠣᠭᠲᠠᠪᠠ᠃ 
       ᠨᠠᠮᠠᠶ᠋ᠢ ᠮᠠᠷᠭᠠᠰᠢ ᠨᠢ ᠨᠠᠮᠵᠢᠭᠤᠬᠠᠨ ᠰᠠᠢᠬᠠᠨ ᠬᠥᠨᠳᠡᠢ ᠪᠡᠷ ᠳᠠᠪᠬᠢᠭᠤᠯᠤᠨ ᠥᠨᠳᠥᠷ ᠳᠡᠭᠡᠷ᠎ᠡ ᠭᠠᠷᠬᠤ ᠳ᠋ᠤ᠌ ᠲᠣᠭᠲᠠᠭᠰᠠᠨ ᠴᠠᠭ ᠠ᠋ᠴᠠ ᠪᠠᠨ ᠪᠠᠭ᠎ᠠ ᠬᠣᠴᠣᠷᠤᠭᠰᠠᠨ ᠲᠤᠯᠠ ᠰᠡᠷᠵᠢ ᠭᠡᠷ ᠦ᠋ᠨ ᠢ᠋ᠶ᠋ᠡᠨ ᠡᠮᠦᠨ᠎ᠡ ᠵᠣᠭᠰᠣᠭᠠᠳ ᠨᠠᠮᠠᠶ᠋ᠢ ᠪᠠᠷᠠᠯᠠᠵᠤ ᠪᠠᠢᠯ᠎ᠠ᠃ ᠰᠠᠷᠵᠢ ᠬᠦᠨᠳᠦ ᠲᠣᠯᠣᠭᠠᠢ ᠶ᠋ᠢᠨ ᠵᠠᠰᠠᠯ ᠢ᠋ᠶ᠋ᠠᠨ ᠵᠡᠭᠦᠭᠡᠳ ᠡᠷᠬᠢᠮᠰᠦᠭ ᠰᠠᠢᠬᠠᠨ ᠬᠠᠷᠠᠭᠳᠠᠵᠤ ᠪᠠᠢᠪᠠ᠃ ᠠᠯᠲᠠᠨᠴᠡᠴᠡᠭ ᠴᠦ᠍ ᠲᠣᠷᠭᠠᠨ ᠬᠤᠪᠴᠠᠰᠤ ᠪᠠᠷ ᠬᠤᠪᠴᠠᠯᠠᠭᠠᠳ᠂ ᠵᠥᠪᠬᠡᠨ ᠬᠤᠷᠢᠮᠯᠠᠭᠰᠠᠨ ᠤ᠋ ᠳᠠᠷᠠᠭ᠎ᠠ ᠰᠠᠶᠢ ᠬᠡᠷᠡᠭᠯᠡᠵᠦ ᠪᠣᠯᠳᠠᠭ ᠮᠥᠩᠭᠥ ᠱ᠌ᠢᠷᠦ ᠪᠡᠷ ᠬᠢᠭᠰᠡᠨ ᠲᠣᠯᠣᠭᠠᠢ ᠶ᠋ᠢᠨ ᠵᠠᠰᠠᠯ ᠯᠠ ᠳᠤᠲᠠᠭᠤ ᠪᠠᠢᠪᠠ᠃ 
       – ᠪᠠᠨᠳᠢᠩ ᠡᠪᠡᠳᠴᠢᠨ ᠲᠡᠢ ᠡᠵᠢ ᠪᠡᠨ ᠠᠪᠴᠤ ᠬᠦᠷᠦᠨ᠎ᠡ᠃ ᠲᠡᠭᠡᠭᠡᠳ ᠪᠢ ᠴᠦ᠍ ᠶᠠᠪᠤᠬᠤ ᠪᠠᠷ ᠪᠣᠯᠪᠠ ᠭᠡᠵᠦ ᠠᠯᠲᠠᠨᠴᠡᠴᠡᠭ ᠮᠢᠨᠦ ᠭᠠᠢᠬᠠᠭᠰᠠᠨ ᠬᠠᠷᠠᠴᠠ ᠶ᠋ᠢ ᠬᠠᠷᠠᠭᠠᠳ ᠬᠡᠯᠡᠯ᠎ᠡ᠃ 
       – ᠮᠥᠨ ᠡᠢᠮᠦ ᠯᠡ ᠠᠮᠠᠷᠬᠠᠨ ᠤᠤ?  ᠭᠡᠵᠦ ᠪᠢ ᠬᠠᠷᠢᠭᠤ ᠱᠣᠭᠯᠠᠨ ᠠᠰᠠᠭᠤᠪᠠ᠃ ᠡᠮᠦᠨ᠎ᠡ ᠮᠢᠨᠢ ᠵᠣᠭᠰᠣᠵᠤ ᠪᠠᠢᠭ᠎ᠠ ᠡᠨᠡ ᠬᠡᠦᠬᠡᠨ ᠨᠡᠯᠢᠶᠡᠳ ᠡᠷᠲᠡᠭᠦᠷ ᠨᠢᠭᠡ ᠡᠭᠡᠮᠦᠭ ᠢ᠋ᠶ᠋ᠡᠨ ᠭᠡᠭᠡᠭᠰᠡᠨ ᠪᠥᠭᠡᠳ ᠯᠠᠮᠠ ᠨᠠᠷ ᠢ᠋ᠶ᠋ᠠᠷ ᠭᠡᠭᠡᠭᠰᠡᠨ ᠭᠠᠵᠠᠷ ᠢ᠋ ᠨᠢ ᠵᠢᠭᠠᠯᠭᠠᠵᠤ ᠣᠯᠵᠤ ᠠᠪᠤᠨ᠎ᠠ ᠭᠡᠮᠡᠨ ᠬᠦᠰᠡᠵᠦ ᠪᠠᠢᠭ᠎ᠠ ᠶᠤᠮ᠃
       – ᠪᠠᠰᠠ ᠨᠢᠭᠡ ᠨᠢ ᠪᠢ ᠤᠳᠠᠯ ᠦᠭᠡᠢ ᠬᠡᠦᠬᠡᠳ ᠲᠡᠢ ᠪᠣᠯᠬᠤ ᠤᠤ?  ᠭᠡᠰᠡᠨ ᠢ᠋ ᠠᠰᠠᠭᠤᠬᠤ ᠭᠡᠰᠡᠨ ᠶᠦᠮ ᠭᠡᠵᠦ ᠰᠢᠷᠪᠡᠭᠡᠲᠦᠨ ᠶᠠᠷᠢᠯ᠎ᠠ᠃ 
       ᠠᠨᠠᠨ ᠠᠳᠠ ᠠ᠋ᠴᠠ ᠦᠬᠡᠷ ᠲᠡᠷᠭᠡ ᠪᠡᠷ ᠪᠠᠷᠤᠭ ᠭᠤᠷᠪᠠᠨ ᠴᠠᠭ ᠶᠠᠪᠤᠬᠤ ᠵᠠᠢ ᠲᠠᠢ ( ᠵᠢᠷᠤᠭ 91 ) ᠪᠣᠯᠬᠣᠷ ᠡᠨᠡ ᠨᠡᠷᠡᠲᠡᠢ ᠶᠡᠬᠡ ᠪᠠᠭᠰᠢ ᠠ᠋ᠴᠠ ᠠᠬᠢᠭᠠᠳ ᠬᠣᠴᠣᠷᠬᠤ ᠪᠣᠯᠪᠠ ᠤᠤ ᠭᠡᠵᠦ ᠪᠢ ᠵᠢᠷᠦᠬᠡᠰᠢᠶᠡᠵᠦ ᠪᠠᠢᠪᠠ᠃ ᠪᠢᠳᠡ ᠬᠦᠷᠬᠦ ᠭᠠᠵᠠᠷ ᠤᠷᠤᠭᠤ ᠪᠠᠨ ᠱᠠᠯᠠᠪᠳᠠᠨ ᠬᠥᠳᠡᠯᠵᠦ ᠳᠠᠪᠬᠢᠭᠤᠯᠪᠠ᠃ ᠠᠯᠲᠠᠨᠴᠡᠴᠡᠭ ᠲᠠᠩᠳᠠ ᠬᠠᠮᠤᠭ ᠤ᠋ᠨ ᠡᠮᠦᠨ᠎ᠡ ᠨᠢ ᠳᠠᠪᠬᠢᠭᠤᠯᠵᠤ ᠪᠠᠢᠳᠠᠭ ᠨᠢ ᠲᠡᠭᠦᠨ ᠦ᠌ ᠤᠨᠤᠭ᠎ᠠ ᠨᠢ ᠠᠳᠤᠭᠤᠨ ᠰᠦᠷᠦᠭ ᠡᠴᠡ ᠰᠢᠨᠡᠬᠡᠨ ᠪᠠᠷᠢᠵᠤ ᠠᠪᠤᠭᠰᠠᠨ ᠵᠠᠯᠠᠭᠤᠬᠠᠨ ᠮᠣᠷᠢ ᠪᠣᠯᠬᠣᠷ ᠡᠮᠡᠭᠡᠯ ᠬᠠᠵᠠᠭᠠᠷ ᠢ᠋ᠶ᠋ᠠᠨ ᠵᠢᠭᠰᠢᠨ ᠪᠤᠯᠭᠢᠨ ᠳᠠᠪᠬᠢᠵᠤ ᠪᠠᠢᠭ᠎ᠠ ᠠᠵᠢ᠃ 
       ᠬᠣᠢᠨ᠎ᠠ ᠨᠢ ᠪᠠᠢᠭ᠎ᠠ ᠥᠨᠳᠥᠷ ᠡᠰᠢ ᠲᠡᠢ ᠵᠢᠵᠢᠭᠬᠡᠨ ᠬᠣᠷᠯᠣ ᠨᠢ ᠰᠠᠯᠬᠢᠨ ᠳ᠋ᠤ᠌ ᠬᠦᠩᠭᠢᠨᠡᠨ ᠳᠤᠤᠭᠠᠷᠬᠤ ᠭᠡᠷ ᠦ᠋ᠨ ᠡᠮᠦᠨ᠎ᠡ ᠨᠢᠭᠡᠨᠲᠡ ᠶᠡᠬᠡ ᠣᠯᠠᠨ ᠬᠥᠮᠦᠨ ᠠᠪᠠᠭᠠᠷᠠᠯᠳᠤᠨ ᠴᠤᠭᠯᠠᠷᠠᠵᠠᠢ ( ᠵᠢᠷᠤᠭ 92 )᠃ ᠰᠠᠷᠵᠢ ᠪᠣᠯᠤᠨ ᠠᠯᠲᠠᠨᠴᠡᠴᠡᠭ ᠡᠴᠡ ᠴᠦ᠍ ᠭᠣᠶᠣ ᠬᠤᠪᠴᠠᠯᠠᠭᠰᠠᠨ ᠪᠦᠰᠡᠭᠦᠢᠴᠦᠦᠯ ᠪᠢᠳᠡᠨ ᠳ᠋ᠦ᠍ ᠠᠮᠤᠷ ᠡᠷᠢᠵᠦ ᠪᠠᠢᠪᠠ ( ᠵᠢᠷᠤᠭ 94 )᠃ ᠮᠢᠨᠦ ᠤᠯᠠᠭᠠᠨ ᠨᠠᠭᠤᠷ ᠪᠣᠯᠤᠨ ᠣᠪᠣᠭᠠᠨ ᠨᠠᠢᠷ ᠳᠡᠭᠡᠷ᠎ᠡ ᠲᠠᠨᠢᠯᠴᠠᠭᠰᠠᠨ ᠬᠡᠳᠦᠨ ᠬᠥᠮᠦᠨ ᠪᠢᠳᠡᠨ ᠦ᠌ ᠰᠠᠭᠤᠵᠤ ᠪᠠᠢᠭ᠎ᠠ ᠵᠦᠯᠭᠡᠨ ᠳᠡᠭᠡᠷ᠎ᠡ ᠣᠢᠷᠠᠲᠤᠨ ᠢᠷᠡᠵᠦ ᠰᠠᠭᠤᠵᠠᠭᠠᠪᠠ᠃ ᠥᠯᠵᠡᠢᠮᠡᠨᠳᠦ ᠮᠥᠨ ᠯᠡ ᠣᠯᠠᠨ ᠢ᠋ ᠬᠦᠯᠢᠶᠡᠯᠭᠡᠭᠰᠡᠭᠡᠷ ᠪᠠᠢᠪᠠ᠃ ᠨᠠᠮᠠᠶ᠋ᠢ ᠵᠢᠷᠤᠭ ᠤ᠋ᠨ ᠮᠠᠰᠢᠨ ᠢ᠋ᠶ᠋ᠠᠨ ᠭᠠᠷᠭᠠᠬᠤ ᠳ᠋ᠤ᠌ ᠷᠠᠰᠢ ᠢᠳᠡᠭᠡ ᠶᠠᠳᠠᠭᠰᠠᠨ ᠪᠠᠢᠳᠠᠯ ᠲᠠᠢ ᠬᠠᠷᠠᠵᠤ ᠪᠠᠢᠭᠰᠠᠨ ᠪᠥᠭᠡᠳ ᠣᠨᠳᠣᠣ ᠮᠣᠩᠭᠣᠯᠴᠤᠳ ᠬᠠᠷᠢᠨ ᠶᠡᠬᠡ ᠯᠡ ᠰᠣᠨᠢᠷᠬᠠᠵᠤ ᠪᠠᠢᠪᠠ᠃ ᠬᠥᠮᠦᠨ ᠪᠣᠯᠭᠠᠨ ᠱᠠᠭᠠᠢᠭᠤᠷ ᠢ᠋ᠶ᠋ᠠᠷ ᠨᠢ ᠬᠠᠷᠠᠵᠤ ᠦᠵᠡᠬᠦ ᠶ᠋ᠢ ᠬᠦᠰᠡᠬᠦ ᠪᠣᠯᠬᠣᠷ ᠪᠢ ᠴᠦ᠍ ᠲᠡᠳᠡᠨ ᠢ᠋ᠶ᠋ᠡᠷ ᠪᠠᠬᠠᠨ ᠬᠠᠷᠠᠭᠤᠯᠪᠠ᠃ ᠲᠡᠭᠡᠭᠡᠳ ᠨᠠᠮᠠᠶ᠋ᠢ ᠠᠩᠬᠠᠨ ᠤ᠋ ᠵᠢᠷᠤᠭ ᠢ᠋ᠶ᠋ᠠᠨ ᠲᠠᠲᠠᠭᠰᠠᠨ ᠤ᠋ ᠳᠠᠷᠠᠭ᠎ᠠ ᠲᠡᠳᠡ ᠴᠥᠮ ᠵᠢᠷᠤᠭ ᠠᠪᠬᠠᠭᠤᠯᠬᠤ ᠭᠡᠮᠡᠨ ᠬᠦᠰᠡᠵᠡᠭᠡᠪᠡ᠃ ᠮᠣᠷᠢ ᠲᠠᠢ᠂ ᠵᠦᠯᠭᠡᠨ ᠳᠡᠭᠡᠷ᠎ᠡ᠂ ᠲᠠᠮᠠᠬᠢᠨ ᠲᠣᠭᠣᠭ᠎ᠠ ᠲᠠᠢ ᠭᠡᠬᠦ ᠮᠡᠲᠦ ᠶᠠᠩᠵᠤ ᠶᠠᠩᠵᠤ ᠪᠠᠷ ᠠᠪᠬᠠᠭᠤᠯᠪᠠ᠃ ᠪᠦᠰᠡᠬᠦᠢᠴᠤᠯ ᠡᠰᠡᠷᠭᠦ ᠲᠠᠯ᠎ᠠ ᠳ᠋ᠤ᠌ ᠰᠠᠭᠤᠵᠠᠭᠠᠵᠤ ᠪᠠᠢᠪᠠ ( ᠵᠢᠷᠤᠭ 93 )᠃  ᠵᠢᠰᠦ ᠶᠠᠩᠵᠤ ᠨᠢ ᠠᠶᠤᠮᠠᠷ ᠨᠢᠭᠡ ᠬᠥᠭᠰᠢᠨ ᠵᠣᠷᠢᠭᠯᠠᠨ ᠪᠢᠳᠡᠨ ᠤᠷᠤᠭᠤ ᠣᠢᠷᠠᠲᠤᠨ ᠰᠠᠭᠤᠵᠤ᠂ ᠨᠠᠮᠠᠶ᠋ᠢ ᠣᠷᠣᠢ ᠠ᠋ᠴᠠ ᠤᠯᠠ ᠳ᠋ᠤ᠌ ᠲᠤᠯᠲᠠᠯ᠎ᠠ ᠠᠩᠬᠠᠷᠤᠨ ᠠᠵᠢᠭᠯᠠᠭᠰᠠᠨ  ᠢ᠋ᠶ᠋ᠠᠨ ᠠᠯᠭᠤᠷ ᠢ᠋ᠶ᠋ᠠᠷ ᠣᠢᠷᠠᠲᠤᠨ ᠢᠷᠡᠪᠡ᠃ ᠮᠢᠨᠦ ᠭᠠᠷ ᠴᠠᠭ ᠢ᠋ ᠠᠵᠢᠭᠯᠠᠵᠤ ᠪᠠᠢᠭᠰᠠᠨ ᠢ᠋ᠶ᠋ᠠᠨ ᠳᠣᠯᠢᠶᠠᠪᠤᠷ ᠬᠤᠷᠤᠭᠤ ᠪᠠᠨ ᠬᠥᠩᠭᠡᠬᠡᠨ ᠮᠥᠷᠲᠡᠭᠡᠨ ᠬᠢᠴᠢᠶᠡᠮᠡᠲᠡᠭᠡᠢ ᠪᠡᠷ ᠨᠢᠴᠦᠭᠦᠨ ᠡᠪᠦᠳᠦᠭ ᠲᠦ᠍ ᠮᠢᠨᠢ ᠬᠦᠷᠭᠡᠬᠦ ᠨᠢ ᠶᠠᠭ ᠯᠠ ᠶᠠᠮᠠᠷ ᠨᠢᠭᠡᠨ ᠨᠠᠨᠳᠢᠨ ᠵᠦᠢᠯ ᠳ᠋ᠦ᠍ ᠭᠠᠷ ᠬᠦᠷᠴᠦ ᠪᠠᠢᠭ᠎ᠠ ᠮᠡᠲᠦ ᠪᠠᠢᠯ᠎ᠠ᠃ ᠭᠡᠨᠡᠳᠲᠡ ᠲᠡᠷᠡ ᠮᠢᠨᠦ ᠭᠤᠶᠠᠨ ᠳᠡᠭᠡᠷᠡᠬᠢ ᠦᠰᠦᠨ ᠡᠴᠡ ᠨᠢᠭᠡ ᠰᠢᠷᠬᠡᠭ ᠢ᠋ ᠵᠤᠮᠠᠭᠠᠨ ᠠᠪᠤᠮᠠᠭᠴᠠ ᠪᠠᠨ᠄ 
       – ᠠ !  ᠭᠡᠵᠦ ᠪᠠᠷᠬᠢᠷᠠᠭᠠᠳ ᠲᠡᠷᠯᠢᠭ ᠦ᠋ᠨ ᠬᠣᠷᠮᠣᠢ ᠪᠠᠨ ᠲᠦᠷᠭᠡᠬᠡᠨ ᠪᠠᠷᠢᠵᠤ ᠠᠪᠤᠭᠠᠳ ᠪᠦᠰᠡᠭᠦᠢᠴᠦᠦᠯ ᠤᠷᠤᠭᠤ ᠭᠦᠶᠦᠨ ᠣᠳᠪᠠ᠃ ᠪᠢ ᠲᠡᠭᠦᠨ ᠦ᠌ ᠬᠣᠢᠨ᠎ᠠ ᠠ᠋ᠴᠠ ᠬᠠᠷᠠᠬᠤ ᠳ᠋ᠤ᠌ ᠠᠯᠲᠠᠨᠴᠡᠴᠡᠭ ᠦ᠋ᠨ ᠵᠢᠮᠡᠯᠡᠭᠰᠡᠨ ᠬᠠᠷᠠᠴᠠ ᠲᠠᠢ ᠮᠥᠷᠭᠥᠯᠳᠦᠪᠡ᠃ ᠲᠡᠷᠡ ᠬᠦ᠌ ᠵᠣᠷᠢᠭ ᠲᠠᠢ ᠬᠥᠭᠰᠢᠨ ᠮᠢᠨᠦ ᠰᠢᠷᠭᠠᠯ ᠦᠰᠦ ᠶ᠋ᠢ ᠪᠦᠰᠡᠬᠦᠢᠴᠦᠯ ᠳ᠋ᠡᠭᠡᠨ ᠦᠵᠡᠭᠦᠯᠦᠨ ᠭᠠᠢᠬᠠᠭᠤᠯᠵᠤ ᠪᠠᠢᠬᠤ ᠳ᠋ᠤ᠌ ᠠᠯᠲᠠᠨᠴᠡᠴᠡᠭ ᠮᠢᠨᠦ ᠡᠮᠦᠨ᠎ᠡ ᠡᠴᠡ ᠢᠴᠢᠵᠦ ᠪᠠᠢᠭ᠎ᠠ ᠠᠵᠢ ᠃ ᠡᠷᠡᠴᠦᠦᠯ ᠨᠢ ᠡᠭᠦᠨ ᠢ᠋ ᠬᠠᠷᠠᠭᠠᠳ ᠬᠠᠳᠠᠭᠠᠨᠠᠲᠠᠯ᠎ᠠ ᠪᠠᠨ ᠢᠨᠢᠶᠡᠯᠳᠦᠨ ᠱᠣᠭᠯᠠᠵᠠᠭᠠᠵᠤ ᠪᠠᠢᠪᠠ᠃ 
       ᠡᠨᠡ ᠡᠳᠦᠷ ᠪᠢ ᠲᠠᠭᠠᠲᠠᠢ ᠶ᠋ᠢ ᠪᠣᠳᠣᠭᠠᠳ ᠣᠬᠣᠷ ᠥᠮᠥᠳᠥ ᠡᠮᠦᠰᠦᠭᠰᠡᠨ ᠪᠥᠯᠥᠭᠡ᠃ ᠬᠠᠷᠢᠨ ᠮᠢᠨᠦ ᠨᠢᠴᠦᠭᠦᠨ ᠬᠠᠷᠢᠲᠤ ᠵᠢᠴᠢ ᠭᠤᠶ᠎ᠠ ᠨᠢ ᠮᠣᠩᠭᠣᠯᠴᠤᠳ ᠤ᠋ᠨ ᠳᠤᠷ᠎ᠠ ᠦᠭᠡᠢᠴᠡᠯ ᠢ ᠬᠦᠷᠭᠡᠨ᠎ᠡ ᠭᠡᠵᠦ ᠬᠡᠨ ᠰᠠᠨᠠᠯ᠎ᠠ ᠳᠠ᠃ ᠠᠯᠲᠠᠨᠴᠠᠴᠡᠭ ᠤᠳᠠᠬᠤ ᠦᠭᠡᠢ ᠤᠳᠠᠬᠤ ᠦᠭᠡᠢ ᠰᠡᠮᠡᠭᠡᠷᠬᠡᠨ ᠡᠷᠡᠴᠦᠦᠯ ᠦ᠋ᠨ ᠪᠦᠯᠦᠭ ᠤᠷᠤᠭᠤ ᠬᠠᠷᠠᠨ᠎ᠠ᠃ ᠬᠦᠳᠡᠷᠯᠢᠭ ᠴᠢᠭᠢᠷᠠᠭ ᠪᠡᠶ᠎ᠡ ᠲᠡᠢ ᠲᠥᠪᠯᠡᠭᠦᠬᠡᠨ ᠰᠠᠢᠬᠠᠨ ᠲᠥᠷᠥᠭᠰᠡᠨ᠂ ᠲᠣᠯᠣᠭᠠᠢ ᠳ᠋ᠠᠭᠠᠨ ᠯᠢᠮᠤᠤ ᠮᠠᠯᠠᠭᠠᠢ ᠶ᠋ᠢ ᠡᠷᠬᠢᠮ ᠢᠵᠠᠭᠤᠷᠲᠠᠨ ᠤ᠋ ᠨᠠᠮᠪᠠᠭ᠎ᠠ ᠲᠠᠢ ᠪᠠᠷ ᠰᠠᠷᠠᠪᠴᠢ ᠪᠠᠨ ᠳᠣᠷᠣᠭᠰᠢ ᠪᠠᠨ ᠮᠤᠷᠤᠢᠯᠭᠠᠨ ᠲᠠᠯᠪᠢᠭᠰᠠᠨ ᠪᠠᠨᠳᠢᠩ ᠪᠢᠳᠡᠨ ᠦ᠌ ᠬᠠᠵᠠᠭᠤ ᠳ᠋ᠤ᠌ ᠰᠠᠭᠤᠵᠤ ᠪᠠᠢᠪᠠ᠃ ᠪᠠᠨᠳᠢᠩ ᠢ᠋ ᠪᠢ ᠠᠩᠬ᠎ᠠ ᠤᠳᠠᠭ᠎ᠠ ᠠᠭᠤᠯᠵᠠᠬᠤ ᠪᠠᠷ ᠨᠢ ᠶᠡᠬᠡ ᠲᠣᠭᠣᠭᠰᠠᠨ ᠶᠤᠮ᠃ ᠠᠯᠲᠠᠨᠴᠡᠴᠡᠭ ᠢ᠋ ᠲᠡᠷᠡ ᠥᠴᠦᠬᠡᠨ ᠴᠦ᠍ ᠠᠩᠬᠠᠷᠴᠤ ᠪᠠᠢᠬᠤ ᠪᠠᠢᠳᠠᠯ ᠦᠭᠡᠢ ᠪᠥᠭᠡᠳ ᠡᠨᠡ ᠨᠢ ᠡᠨᠳᠡᠬᠢ ᠵᠠᠩᠰᠢᠯ ᠳ᠋ᠠᠬᠢ ᠥᠪᠡᠷ ᠦ᠋ᠨ ᠬᠠᠢᠷ᠎ᠠ ᠪᠠᠨ ᠴᠢᠯᠥᠭᠡᠲᠡᠢ ᠢᠯᠡᠳᠬᠡᠬᠦ ᠶ᠋ᠢ ᠬᠣᠷᠢᠭᠯᠠᠳᠠᠭ ᠠ᠋ᠴᠠ ᠪᠣᠯᠤᠭᠰᠠᠨ ᠶᠤᠮ᠃ ᠲᠡᠷᠡ ᠪᠡᠷ ᠨᠠᠢᠵᠠ ᠨᠥᠬᠥᠳ ᠨᠢ ᠲᠡᠭᠦᠨ ᠢ ᠱᠣᠭᠯᠠᠨ ᠳᠣᠭᠣᠭᠢᠯᠠᠬᠤ ᠳ᠋ᠤ᠌ ᠨᠢᠭᠡ ᠲᠠᠯ᠎ᠠ ᠪᠠᠷ ᠴᠢᠷᠠᠢ ᠪᠠᠨ ᠤᠯᠠᠢᠯᠭᠠᠨ᠂ ᠨᠥᠭᠦᠭᠡ ᠲᠠᠯ᠎ᠠ ᠪᠠᠷ ᠥᠪᠡᠷᠦᠨ ᠰᠡᠳᠬᠢᠯ ᠦ᠋ᠨ ᠨᠢᠭᠤᠴᠠ ᠶ᠋ᠢ ᠶᠠᠷᠢᠭᠤᠯᠤᠭᠰᠠᠨ ᠳ᠋ᠠᠭᠠᠨ ᠰᠡᠳᠬᠢᠯ ᠥᠶᠥᠭᠬᠡᠨ ᠪᠠᠢᠯ᠎ᠠ᠃ 
       ᠪᠢᠳᠡ ᠡᠨᠡ ᠬᠦ᠌ ᠣᠪᠡᠳᠢᠰᠴᠢᠨ ᠪᠣᠯᠤᠨ ᠡᠮᠡᠭᠲᠡᠢ ᠶ᠋ᠢᠨ ᠡᠮᠴᠢ ᠶ᠋ᠢ ᠬᠡᠳᠦᠨ ᠴᠠᠭ ᠬᠦᠯᠢᠶᠡᠭᠰᠡᠨ ᠪᠥᠭᠡᠲᠡᠯ᠎ᠡ ᠭᠠᠭᠴᠠ ᠬᠥᠮᠦᠨ ᠴᠦ᠍ ᠬᠦᠯᠢᠶᠡᠵᠦ ᠶᠠᠳᠠᠨ ᠳᠤᠷ᠎ᠠ ᠦᠭᠡᠢᠴᠡᠭᠰᠡᠨ ᠦᠭᠡ ᠶᠠᠷᠢᠬᠤ ᠦᠭᠡᠢ ᠠᠵᠢ᠃ ᠬᠥᠮᠦᠰ ᠪᠦᠷ ᠯᠡ ᠵᠠᠪ ᠴᠢᠯᠥᠭᠡ ᠲᠡᠢ ᠪᠥᠭᠡᠳ ᠬᠡᠷᠪᠡ ᠥᠨᠥᠳᠥᠷ ᠥᠯᠵᠡᠢᠮᠡᠨᠲᠦ ᠬᠦᠷᠴᠦ ᠢᠷᠡᠬᠦ ᠦᠭᠡᠢ ᠪᠣᠯ ᠮᠠᠷᠭᠠᠰᠢ ᠪᠤᠶᠤ ᠨᠥᠭᠥᠭᠡᠳᠦᠷ ᠮᠥᠨ ᠯᠡ ᠠᠳᠠ ᠬᠦᠷᠦᠯᠴᠡᠨ ᠢᠷᠡᠬᠦ ᠪᠣᠯᠤᠨ᠎ᠠ᠃ ᠵᠦᠯᠭᠡᠨ ᠳᠡᠭᠡᠷ᠎ᠡ ᠳᠡᠭᠡᠭᠰᠢ ᠪᠡᠨ ᠬᠠᠷᠠᠵᠤ ᠬᠡᠪᠲᠡᠭᠡᠳ ᠪᠣᠷᠣᠭᠠᠨ ᠪᠣᠯᠤᠨ ᠪᠠᠭᠤᠵᠤ ᠮᠡᠳᠡᠬᠦ ᠬᠥᠪᠥᠩ ᠴᠠᠭᠠᠨ ᠡᠭᠦᠯᠡ ᠶ᠋ᠢ ᠠᠵᠢᠭᠯᠠᠬᠤ ᠨᠢ ᠶᠠᠭᠤᠲᠠᠢ ᠵᠢᠷᠭᠠᠯᠲᠠᠢ ᠠᠵᠢ᠃ 
       ᠲᠠᠪᠤᠨ ᠴᠠᠭ ᠤ᠋ᠨ ᠦᠶᠡᠰ ᠢ᠋ᠶ᠋ᠡᠷ ᠬᠢᠳᠡᠯ ᠦᠭᠡᠢ ᠵᠣᠭᠣᠭᠳᠠᠨ ᠪᠠᠢᠭᠰᠠᠨ ᠬᠥᠮᠦᠰ ᠭᠡᠨᠡᠳᠲᠡ ᠦᠢᠮᠡᠯᠳᠦᠨ ᠡᠬᠢᠯᠡᠪᠡ᠃ ᠲᠠᠯ᠎ᠠ ᠳᠡᠭᠡᠭᠦᠷ ᠨᠢᠭᠡ ᠪᠦᠯᠦᠭ ᠮᠣᠷᠢᠲᠠᠨ ᠭᠠᠷᠴᠤ ᠢᠷᠡᠭᠡᠳ᠂ ᠤᠷᠢᠳ ᠢ᠋ᠶ᠋ᠠᠷ ᠬᠡᠮᠡᠷᠯᠢᠭᠲᠦ ᠬᠦᠷᠡᠩ ᠰᠢᠷ᠎ᠠ ᠲᠡᠷᠯᠢᠭ ᠲᠡᠢ᠂ ᠰᠢᠨᠡᠬᠡᠨ ᠭᠤᠲᠤᠯ ᠪᠠ ᠥᠷᠭᠡᠨ ᠰᠠᠷᠠᠪᠴᠢ ᠲᠠᠢ ᠠᠯᠲᠠᠳᠠᠭᠰᠠᠨ ᠮᠠᠯᠠᠭᠠᠢ ᠲᠠᠢ ᠨᠢᠭᠡ ᠯᠠᠮᠠ ᠳᠠᠪᠬᠢᠨ ᠢᠷᠡᠪᠡ᠃ ᠲᠡᠭᠦᠨ ᠦ᠌ ᠬᠣᠢᠨ᠎ᠠ ᠠ᠋ᠴᠠ ᠴᠡᠷᠢᠭ ᠪᠣᠯᠤᠨ ᠯᠠᠮᠠ ᠨᠠᠷ ᠨᠡᠯᠢᠶᠡᠳ ᠵᠠᠢᠲᠠᠢ ᠳᠠᠭᠠᠯᠳᠤᠵᠤ ᠪᠠᠢᠪᠠ᠃ ᠲᠡᠷᠡ ᠰᠢᠷᠦᠭᠦᠨ ᠬᠠᠲᠠᠷᠢᠭᠤᠯᠤᠭᠰᠠᠭᠠᠷ ᠭᠡᠷ ᠦ᠋ᠨ ᠡᠮᠦᠨᠡᠬᠡᠨ ᠬᠦᠷᠴᠦ ᠢᠷᠡᠬᠦ ᠳ᠋ᠦ᠍᠂ ᠡᠭᠦᠳᠡᠨ ᠳᠡᠭᠡᠷ᠎ᠡ ᠲᠦᠷᠭᠡᠬᠡᠨ ᠭᠡᠭᠴᠢ ᠤᠯᠠᠭᠠᠨ ᠬᠡᠪᠢᠰ ᠳᠡᠯᠭᠡᠨ ᠪᠡᠯᠡᠳᠪᠡ᠃ ᠬᠥᠮᠦᠰ ᠣᠪᠠᠳᠢᠰᠴᠢᠨ ᠯᠠᠮᠠ ( ᠵᠢᠷᠤᠭ 96 ) ᠶ᠋ᠢ ᠪᠦᠭᠦᠳᠡᠭᠡᠷ ᠭᠦᠨ ᠪᠥᠬᠥᠢᠵᠦ ᠤᠭᠲᠤᠨ ᠠᠪᠤᠭᠰᠠᠨ ᠪᠥᠭᠡᠳ ᠲᠡᠷᠡ ᠭᠠᠭᠴᠠᠬᠠᠨ ᠤᠳᠠᠭ᠎ᠠ ᠴᠤ᠌ ᠨᠠᠭᠠᠰᠢ ᠪᠠᠨ ᠨᠢᠳᠦ ᠲᠠᠯᠪᠢᠯ ᠦᠭᠡᠢ ᠪᠡᠷ ᠭᠡᠷ ᠲᠦ᠍ ᠣᠷᠣᠨ ᠳᠠᠯᠳᠠᠷᠠᠪᠠ᠃ ᠭᠡᠷ ᠦ᠋ᠨ ᠡᠭᠦᠳᠡ ᠬᠠᠭᠠᠭᠳᠠᠵᠤ᠂ ᠡᠭᠦᠳᠡᠨ ᠤ ᠬᠠᠵᠠᠭᠤ ᠳ᠋ᠤᠨᠢ ᠬᠣᠶᠠᠷ ᠴᠡᠷᠢᠭ ᠵᠣᠭᠰᠣᠵᠤ ᠮᠠᠨᠠᠭᠠᠳ᠂ ᠰᠣᠨᠢᠷᠬᠠᠨ ᠣᠢᠷᠠᠲᠤᠭᠰᠠᠨ ᠬᠥᠮᠦᠰ ᠢ᠋ ᠲᠠᠰᠢᠭᠤᠷ ᠢ᠋ᠶ᠋ᠠᠷ ᠢ᠋ᠶ᠋ᠠᠨ ᠤᠬᠤᠷᠢᠭᠤᠯᠵᠤ ᠪᠠᠢᠪᠠ᠃ ᠤᠷᠤᠭᠰᠢᠯᠠᠨ ᠲᠡᠮᠡᠦᠯᠵᠦ ᠪᠠᠢᠭᠰᠠᠨ ᠬᠥᠮᠦᠰ ᠢᠨᠢᠶᠡᠯᠳᠦᠨ ᠵᠠᠢᠯᠠᠵᠠᠭᠠᠵᠤ᠂ ᠲᠠᠰᠢᠭᠤᠷ ᠲᠤ᠌ ᠣᠨᠣᠭᠳᠠᠭᠰᠠᠨ ᠦᠭᠡᠢ ᠨᠢᠭᠡ ᠨᠢ ᠪᠠᠶᠠᠷᠯᠠᠵᠠᠭᠠᠨ ᠪᠠᠢᠭᠰᠠᠨ ᠢ᠋ᠶ᠋ᠠᠨ ᠠᠬᠢᠭᠠᠳ ᠡᠮᠦᠨᠡᠰᠢ ᠪᠡᠨ ᠲᠦᠷᠢᠨ ᠰᠢᠬᠠᠨ᠎ᠠ᠃ ᠲᠣᠯᠣᠭᠠᠢ ᠳ᠋ᠠᠭᠠᠨ ᠴᠣᠯ ᠠᠯᠲᠠᠨ ᠵᠠᠰᠠᠯ ᠲᠠᠢ ᠨᠢᠭᠡ ᠪᠦᠰᠡᠭᠦᠢ ᠵᠥᠪᠰᠢᠶᠡᠷᠡᠯ ᠢ᠋ᠶ᠋ᠡᠷ ᠭᠡᠷ ᠲᠦ᠍ ᠣᠷᠣᠪᠠ᠃ 
       – ᠪᠠᠶᠠᠴᠤᠳ ᠨᠢ ᠡᠮᠦᠨ᠎ᠡ ᠨᠢ ᠣᠷᠣᠳᠠᠭ ᠶᠤᠮ᠂ ᠲᠡᠳᠡ ᠪᠢᠳᠡᠨ ᠡᠴᠡ ᠢᠯᠡᠭᠦᠦ ᠮᠥᠩᠭᠥ ᠥᠭᠴᠦ ᠳᠡᠢᠯᠦᠨ᠎ᠡ ᠰᠢᠦ ᠳᠡ ᠭᠡᠵᠦ ᠷᠠᠰᠢ ᠠᠭᠤᠷᠯᠠᠵᠤ ᠭᠣᠮᠣᠳᠠᠭᠰᠠᠨ ᠪᠠᠢᠳᠠᠯ ᠦᠭᠡᠢ ᠲᠠᠢᠪᠤᠭᠤᠬᠠᠨ ᠶᠠᠷᠢᠭᠠᠳ ᠨᠡᠯᠢᠶᠡᠳ ᠤᠳᠠᠭᠰᠠᠨ ᠤ᠋ ᠳᠠᠷᠠᠭ᠎ᠠ ᠵᠠᠯᠭᠠᠵᠤ᠄  
       – ᠲᠡᠷᠡ ᠪᠦᠰᠡᠭᠦᠢ ᠯᠠᠪ ᠬᠦᠨᠳᠦ ᠡᠪᠡᠳᠴᠢᠯᠡᠭᠰᠡᠨ ᠪᠠᠢᠬ᠎ᠠ᠂ ᠡᠳᠦᠢ ᠤᠳᠠᠭᠠᠳ ᠭᠠᠷᠴᠤ ᠢᠷᠡᠳᠡᠭ ᠦᠭᠡᠢ ᠭᠡᠭᠴᠢ ᠭᠡᠳ ᠭᠡᠷ ᠦ᠋ᠨ ᠡᠭᠦᠳᠡ ᠤᠷᠤᠭᠤ ᠬᠠᠷᠠᠭᠰᠠᠭᠠᠷ ᠪᠠᠢᠪᠠ ᠃ ᠡᠴᠦᠰ ᠲᠡᠭᠡᠨ ᠲᠡᠷᠡ ᠪᠦᠰᠡᠭᠦᠢ ᠯᠠᠮᠠ ᠶ᠋ᠢᠨ ᠠᠳᠢᠰᠯᠠᠭᠰᠠᠨ ᠬᠥᠬᠡ ᠬᠠᠳᠠᠭ ᠲᠠᠢ ᠭᠠᠷᠴᠤ ᠢᠷᠡᠯ᠎ᠡ᠃ ᠡᠭᠦᠳᠡᠨ ᠤ ᠡᠮᠦᠨ᠎ᠡ ᠰᠥᠭᠥᠳᠦᠨ ᠮᠥᠷᠭᠥᠭᠡᠳ ᠬᠣᠢᠰᠢ ᠪᠠᠨ ᠤᠬᠤᠷᠢᠬᠤ ᠳ᠋ᠤ᠌ ᠥᠭᠡᠷ᠎ᠡ ᠨᠢᠭᠡᠨ ᠪᠠᠶᠠᠨ ᠪᠦᠰᠡᠭᠦᠢ ᠣᠷᠣᠵᠤ ᠣᠴᠢᠪᠠ᠃ ᠴᠡᠷᠢᠭ ᠦ᠋ᠳ ᠠᠬᠢᠨ ᠰᠤᠷ ᠲᠠᠰᠢᠭᠤᠷ ᠢ᠋ᠶ᠋ᠠᠨ ᠡᠷᠭᠢᠭᠦᠯᠦᠨ ᠭᠤᠶᠠᠳᠠᠵᠤ ᠭᠠᠷᠬᠤ ᠳ᠋ᠤ᠌ ᠲᠣᠭᠣᠷᠢᠨ ᠵᠣᠭᠰᠣᠭᠰᠠᠨ ᠮᠣᠩᠭᠣᠯᠴᠤᠳ ᠤ᠋ᠨ ᠴᠢᠷᠠᠢ ᠳ᠋ᠠᠬᠢ ᠪᠠᠶᠠᠷᠯᠠᠭᠰᠠᠨ ᠪᠠᠢᠳᠠᠯ ᠨᠢ ᠠᠷᠢᠯᠵᠤ᠂ ᠨᠢᠭᠤᠷ ᠨᠢ ᠲᠥᠪ ᠪᠤᠯᠵᠠᠭᠠᠪᠠ᠃  
       ᠷᠠᠰᠢ ᠨᠠᠳᠠ ᠲᠠᠢ ᠣᠯᠠᠨ ᠬᠥᠮᠦᠨ ᠦ᠌ ᠳᠤᠮᠳᠠ ᠪᠠᠢᠵᠤ᠂ ᠮᠢᠨᠦ ᠡᠮᠦᠨᠡᠬᠢ ᠬᠥᠮᠦᠰ ᠪᠦᠷ ᠳᠣᠷᠣᠭᠰᠢ ᠪᠠᠨ ᠰᠥᠭᠥᠳᠦᠨ ᠵᠠᠯᠪᠠᠷᠢᠵᠤ᠂ ᠡᠷᠢᠭᠡ ᠪᠡᠨ ᠲᠣᠭᠠᠯᠠᠵᠤ ᠪᠠᠢᠭ᠎ᠠ ᠪᠣᠯᠬᠣᠷ ᠭᠡᠷ ᠦ᠋ᠨ ᠡᠭᠦᠳᠡ ᠪᠡᠷ ᠪᠢ ᠳᠣᠲᠣᠷᠠᠬᠢ ᠶ᠋ᠢ ᠨᠢ ᠠᠵᠢᠭᠯᠠᠬᠤ ᠪᠣᠯᠤᠮᠵᠢ ᠲᠠᠢ ᠪᠠᠢᠪᠠ᠃ ᠲᠡᠭᠡᠭᠡᠳ ᠤᠳᠠᠯ ᠦᠭᠡᠢ ᠬᠤᠪᠢ ᠶ᠋ᠢᠨ ᠡᠮᠴᠢᠯᠡᠭᠡ ᠲᠡᠭᠦᠰᠴᠦ᠂ ᠤᠯᠠᠭᠠᠨ ᠬᠡᠪᠢᠰ ᠳᠡᠭᠡᠷ᠎ᠡ ᠨᠢᠭᠡ ᠰᠠᠨᠳᠠᠯᠢ ᠲᠠᠯᠪᠢᠭᠳᠠᠨ ᠡᠩ ᠦ᠋ᠨ ᠠᠷᠠᠳ ᠤ᠋ᠨ ᠦᠵᠡᠭᠦᠯᠬᠦ ᠡᠭᠡᠯᠵᠢ ᠪᠣᠯᠵᠠᠢ᠃ ᠲᠣᠮᠣ ᠯᠠᠮᠠ ᠲᠣᠯᠣᠭᠠᠢ ᠨᠢᠴᠦᠭᠦᠨ ᠭᠠᠷᠴᠤ ᠢᠷᠡᠨ ᠰᠠᠨᠳᠠᠯᠢ ᠳᠡᠭᠡᠷ᠎ᠡ ᠯᠠᠪᠳᠠᠭᠤᠬᠠᠨ ᠰᠠᠭᠤᠭᠠᠳ᠂ ᠡᠮᠦᠨ᠎ᠡ ᠨᠢ ᠰᠥᠭᠥᠳᠴᠦ ᠪᠠᠢᠭ᠎ᠠ ᠪᠦᠰᠡᠭᠦᠢ ᠲᠡᠢ ᠨᠠᠮ ᠳᠠᠭᠤ ᠪᠠᠷ ᠶᠠᠷᠢᠵᠤ ᠭᠠᠷᠪᠠ᠃ ᠲᠡᠭᠦᠨ ᠦ᠌ ᠨᠢᠳᠦ ᠨᠢ ᠨᠠᠭᠠᠰᠢ ᠴᠠᠭᠠᠰᠢ ᠪᠠᠨ ᠬᠠᠷᠠᠵᠤ ᠪᠠᠢᠭᠰᠠᠨ ᠢ᠋ᠶ᠋ᠠᠨ ᠭᠡᠨᠡᠳᠲᠡ ᠨᠠᠳᠠ ᠳᠡᠭᠡᠷ᠎ᠡ ᠪᠣᠯᠤᠨ ᠮᠢᠨᠦ ᠵᠢᠷᠤᠭ ᠤ᠋ᠨ ᠮᠠᠰᠢᠨ ᠳᠡᠭᠡᠷ᠎ᠡ ᠲᠣᠭᠲᠠᠪᠠ᠃ ᠲᠡᠭᠡᠭᠡᠳ ᠬᠠᠮᠠᠭᠠᠯᠠᠭᠴᠢ ᠴᠡᠷᠢᠭ ᠲᠡᠭᠡᠨ ᠰᠢᠷᠦᠭᠦᠬᠡᠨ ᠢ᠋ᠶ᠋ᠡᠷ ᠬᠡᠳᠦᠨ ᠦᠭᠡ ᠶᠠᠷᠢᠬᠤ ᠳ᠋ᠤ᠌ ᠴᠡᠷᠢᠭ ᠠᠬᠢᠨ ᠲᠠᠰᠢᠭᠤᠷᠳᠠᠨ ᠡᠬᠢᠯᠡᠭᠡᠳ ᠬᠥᠮᠦᠰ ᠨᠠᠳᠠ ᠤᠷᠤᠭᠤ ᠰᠢᠬᠠᠨ ᠢᠷᠡᠵᠦ᠂ ᠪᠢ ᠴᠦ᠍ ᠬᠣᠢᠰᠢ ᠪᠠᠨ ᠲᠦᠯᠬᠢᠭᠳᠡᠪᠡ᠃ ᠯᠠᠮᠠ ᠶ᠋ᠢᠨ ᠬᠠᠮᠠᠭᠠᠯᠠᠭᠴᠢ ᠥᠨᠳᠥᠷ ᠳᠠᠭᠤᠨ ᠢ᠋ᠶ᠋ᠠᠷ ᠪᠠᠷᠬᠢᠷᠠᠬᠤ ᠳ᠋ᠤ᠌ ᠨᠠᠮᠠᠶ᠋ᠢ ᠶᠠᠭᠤ ᠪᠣᠯᠤᠭᠰᠠᠨ ᠤ᠋ ᠤᠬᠠᠭᠠᠨ ᠢ ᠨᠢ ᠣᠯᠵᠤ ᠠᠮᠵᠢᠯ ᠦᠭᠡᠢ ᠪᠡᠷ ᠠᠳᠠ ᠲᠡᠨᠳᠡ ᠡᠴᠡ ᠨᠠᠳᠠ ᠤᠷᠤᠭᠤ ᠴᠢᠯᠠᠭᠤ ᠰᠢᠳᠡᠭᠳᠡᠨ ᠢᠷᠡᠪᠡ᠃ ᠪᠦᠰᠡᠭᠦᠢᠴᠦᠳ ᠲᠣᠬᠣᠢ ᠪᠠᠷ ᠢ᠋ᠶ᠋ᠠᠨ ᠨᠠᠮᠠᠶ᠋ᠢ ᠶᠣᠪᠣᠷᠴᠤ᠂ ᠰᠠᠶᠢᠬᠠᠨ ᠬᠦᠷᠲᠡᠯ᠎ᠡ ᠴᠣᠭ ᠢᠨᠢᠶᠡᠯᠳᠦᠨ ᠰᠠᠭᠤᠵᠤ ᠪᠠᠢᠭᠰᠠᠨ ᠡᠷᠡᠴᠦᠦᠯ ᠨᠠᠮᠠᠶ᠋ᠢ ᠢᠰᠬᠦᠯᠵᠦ ᠡᠬᠢᠯᠡᠯ᠎ᠡ᠃ ᠲᠡᠳᠡ ᠭᠠᠵᠠᠷ ᠳᠡᠭᠡᠷ᠎ᠡ ᠡᠴᠡ ᠰᠢᠳᠡᠮᠡᠷ ᠶᠠᠭᠤᠮ᠎ᠠ ᠡᠷᠢᠬᠦ ᠵᠠᠭᠤᠷ᠎ᠠ ᠪᠠᠨ ᠨᠠᠳᠠ ᠤᠷᠤᠭᠤ ᠳᠠᠢᠰᠤᠩᠨᠠᠭᠰᠠᠨ ᠬᠠᠷᠠᠴᠠ ᠪᠠᠷ ᠬᠠᠷᠠᠵᠤ ᠪᠠᠢᠪᠠ᠃ 
       ᠬᠤᠷᠳᠤᠨ ᠠᠳᠠ  ᠠ᠋ᠴᠠ ᠵᠠᠢᠯᠠᠬᠤ ᠬᠡᠷᠡᠭᠲᠡᠢ ᠨᠢ ᠢᠯᠡᠳᠲᠡ ᠪᠣᠯᠵᠤ᠂ ᠭᠠᠳᠠᠭᠰᠢ ᠪᠠᠨ ᠬᠠᠨᠳᠤᠨ ᠭᠦᠶᠦᠬᠦ ᠳ᠋ᠦ᠍ ᠴᠢᠯᠠᠭᠤ ᠰᠢᠳᠡᠬᠦ ᠬᠡᠪᠴᠢᠶᠡᠨ ᠡᠴᠡ ᠭᠠᠷᠤᠨ ᠭᠠᠷᠲᠠᠯ᠎ᠠ ᠮᠢᠨᠦ ᠬᠣᠢᠨ᠎ᠠ ᠠ᠋ᠴᠠ ᠴᠢᠯᠠᠭᠤ᠂ ᠬᠡᠰᠡᠭᠲᠡᠢ ᠰᠢᠪᠠᠷ᠂ ᠬᠣᠮᠣᠯ ᠤ᠋ᠨ ᠮᠥᠨᠳᠥᠷ ᠪᠠᠭᠤᠪᠠ᠃ ᠪᠢ ᠮᠣᠷᠢᠳ ᠤ᠋ᠨ ᠢ᠋ᠶ᠋ᠠᠨ ᠳᠡᠷᠭᠡᠳᠡ ᠬᠦᠷᠦᠭᠡᠳ ᠷᠠᠰᠢ ᠲᠡᠳᠡᠨ ᠢ ᠬᠦᠯᠢᠶᠡᠵᠦ ᠰᠠᠭᠤᠯ᠎ᠠ᠃ ᠲᠡᠷᠡ ᠬᠠᠮᠠᠭᠠᠯᠠᠭᠴᠢ ᠴᠡᠷᠢᠭ ᠥᠨᠳᠥᠷ ᠳᠠᠭᠤᠨ ᠢ᠋ᠶ᠋ᠠᠷ ᠪᠠᠷᠬᠢᠷᠠᠬᠤ ᠶ᠋ᠢᠨ ᠵᠡᠷᠭᠡ ᠷᠠᠰᠢ ᠮᠢᠨᠦ ᠬᠠᠵᠠᠭᠤ ᠠ᠋ᠴᠠ ᠳᠣᠣᠷ᠎ᠠ ᠪᠠᠨ ᠠᠯᠠᠭ᠎ᠠ ᠪᠣᠯᠪᠠ᠃ ᠨᠢᠭᠡ ᠴᠠᠭ ᠣᠷᠴᠢᠮ ᠪᠢ ᠬᠣᠯᠠ ᠠ᠋ᠴᠠ ᠲᠡᠨᠳᠡ ᠶᠠᠪᠤᠭᠳᠠᠵᠤ ᠪᠠᠢᠭ᠎ᠠ ᠳᠡᠯᠡᠬᠡᠢ ᠳ᠋ᠦ᠍ ᠬᠣᠪᠣᠷᠬᠠᠨ ᠡᠮᠴᠢᠯᠡᠭᠡ ᠶ᠋ᠢᠨ ᠶᠠᠪᠤᠴᠠ ᠶ᠋ᠢ ᠬᠠᠷᠠᠵᠤ ᠰᠠᠭᠤᠪᠠ᠃ ᠲᠡᠭᠡᠭᠡᠳ ᠭᠠᠭᠴᠠᠭᠠᠷ ᠢ᠋ᠶ᠋ᠠᠨ ᠭᠡᠷ ᠤᠷᠤᠭᠤ ᠪᠠᠨ ᠬᠠᠲᠠᠷᠢᠭᠤᠯᠬᠤ ᠰᠠᠨᠠᠭᠠᠲᠠᠢ ᠴᠢᠳᠥᠷ ᠢ᠋ᠶ᠋ᠡᠨ ᠠᠪᠲᠠᠯ᠎ᠠ ᠰᠠᠷᠵᠢ᠂ ᠠᠯᠲᠠᠨᠴᠡᠴᠡᠭ ᠦ᠋ᠨ ᠢᠷᠡᠬᠦ ᠨᠢ ᠦᠵᠡᠭᠳᠡᠨ᠂ ᠲᠡᠭᠦᠨ ᠦ᠌ ᠬᠣᠢᠨ᠎ᠠ ᠠ᠋ᠴᠠ ᠮᠠᠨ ᠤ᠋ ᠪᠠᠭᠰᠢ ᠨᠠᠭᠠᠰᠢᠯᠠᠵᠤ ᠶᠠᠪᠤᠭ᠎ᠠ ᠨᠢ ᠬᠠᠷᠠᠭᠳᠠᠯ᠎ᠠ᠃ ᠪᠦᠭᠦᠳᠡᠭᠡᠷ ᠢ᠋ᠶ᠋ᠡᠨ ᠲᠥᠪ ᠴᠢᠷᠠᠢᠯᠠᠵᠠᠭᠠᠵᠤ᠂ ᠭᠠᠭᠴᠠ ᠴᠤ᠌ ᠦᠭᠡ ᠳᠤᠤᠭᠠᠷᠤᠭ᠎ᠠ ᠦᠭᠡᠢ᠃ ᠷᠠᠰᠢ ᠮᠠᠰᠢ ᠤᠳᠠᠭᠠᠨ ᠣᠯᠣᠩ ᠢ᠋ᠶ᠋ᠠᠨ ᠴᠢᠩᠭᠠᠯᠠᠵᠤ ᠪᠠᠢᠭᠰᠠᠨ ᠢ᠋ᠶ᠋ᠠᠨ ᠨᠠᠳᠠ ᠲᠠᠢ ᠬᠠᠨᠢᠯᠠᠵᠤ ᠢᠷᠡᠭᠰᠡᠨ ᠢ᠋ᠶ᠋ᠡᠨ ᠮᠡᠳᠡᠭᠳᠡᠬᠦ ᠦᠭᠡᠢ ᠶ᠋ᠢᠨ ᠲᠤᠰᠠ ᠳ᠋ᠤ᠌ ᠨᠠᠮᠠᠶ᠋ᠢ ᠭᠠᠭᠴᠠᠭᠠᠷ ᠢ᠋ ᠤᠷᠢᠳ ᠢ᠋ᠶ᠋ᠠᠷ ᠶᠠᠪᠤᠭᠤᠯᠪᠠ᠃ ᠬᠣᠶᠠᠷ ᠪᠦᠰᠡᠭᠦᠢ ᠬᠠᠵᠠᠭᠤᠰᠢ ᠪᠠᠨ ᠡᠷᠭᠢᠵᠦ᠂ ᠭᠡᠷ ᠲᠡᠭᠡᠨ ᠬᠦᠷᠬᠦ ᠣᠨᠳᠣᠣ ᠵᠠᠮ ᠢ᠋ ᠡᠯᠭᠦᠨ ᠠᠪᠴᠤ ᠳᠡᠯᠳᠠᠷᠠᠪᠠ᠃ ᠨᠠᠮᠠᠶ᠋ᠢ ᠣᠪᠣᠭᠠᠨ ᠳᠡᠭᠡᠷ᠎ᠡ ᠬᠦᠷᠬᠦ ᠶ᠋ᠢᠨ ᠡᠮᠦᠨᠡᠬᠡᠨ ᠷᠠᠰᠢ ᠨᠠᠮᠠᠶ᠋ᠢ ᠭᠦᠢᠴᠡᠨ ᠢᠷᠡᠭᠡᠳ ᠵᠡᠷᠭᠡᠴᠡᠵᠦ :
       – ᠬᠠᠷᠠᠭᠠᠴᠢ ᠳᠠ ! ᠭᠡᠮᠡᠨ ᠵᠢᠮᠡᠯᠡᠭᠰᠡᠨ ᠮᠠᠶᠢᠭᠲᠠᠢ ᠬᠡᠯᠡᠯ᠎ᠡ᠃ 
       – ᠴᠢ ᠴᠦ᠍ ᠨᠢᠭᠡ ᠰᠠᠢᠨ ᠪᠠᠭᠰᠢ ᠮᠥᠨ ᠳᠡ !  ᠱᠠᠪᠢ ᠪᠠᠨ ᠢᠩᠭᠢᠭᠡᠳ ᠯᠡ ᠬᠠᠶᠠᠭᠠᠨ ᠳ᠋ᠠᠭᠠᠨ ᠬᠠᠶᠠᠳᠠᠭ ᠭᠡᠵᠦ ᠪᠢ ᠰᠡᠳᠬᠢᠯ ᠳ᠋ᠡᠭᠡᠨ ᠳᠤᠷ᠎ᠠ ᠦᠭᠡᠢᠴᠡᠨ ᠬᠠᠷᠢᠭᠤᠯᠪᠠ᠃ ᠷᠠᠰᠢ ᠤᠨᠤᠭᠰᠠᠨ ᠤᠨᠤᠭ᠎ᠠ ᠪᠠᠨ ᠬᠣᠷᠣᠰᠤᠭᠰᠠᠨ ᠮᠡᠲᠦ ᠳᠠᠪᠢᠷᠠᠵᠤ ᠠᠪᠤᠭᠰᠠᠨ ᠢ᠋ᠶ᠋ᠠᠨ : 
       – ᠬᠡᠳᠦᠨ ᠭᠠᠷᠠᠭ ᠤ᠋ᠨ ᠳᠠᠷᠠᠭ᠎ᠠ ᠭᠡᠬᠦ ᠳ᠋ᠦ᠍ ᠴᠢ ᠪᠤᠴᠠᠭᠠᠳ ᠠᠯᠠᠭ᠎ᠠ ᠪᠣᠯᠤᠨ᠎ᠠ᠂ ᠭᠡᠬᠦ ᠳ᠋ᠦ᠍ ᠪᠢ ᠠᠳᠠ ᠪᠠᠨ ᠮᠥᠨ ᠦᠷᠭᠦᠯᠵᠢᠯᠡᠨ ᠠᠮᠢᠳᠤᠷᠠᠬᠤ ᠬᠡᠷᠡᠭᠲᠡᠢ ᠪᠥᠭᠡᠳ ᠬᠦᠷᠰᠢ ᠵᠡᠷᠭᠡᠯᠡᠳᠡᠭᠡ ᠲᠡᠢ ᠪᠡᠨ ᠶᠠᠪᠤᠯᠴᠠᠨ᠎ᠠ ᠰᠢᠦ ᠳᠡ ᠭᠡᠯ᠎ᠡ᠃ 
       ᠪᠢᠳᠡ ᠭᠡᠷ ᠤᠷᠤᠭᠤ ᠪᠠᠨ ᠦᠭᠡ ᠳᠠᠭᠤᠨ ᠦᠭᠡᠢ ᠬᠠᠲᠠᠷᠢᠭᠤᠯᠤᠭᠰᠠᠭᠠᠷ ᠪᠠᠢᠪᠠ᠃ ᠦᠳᠡᠰᠢ ᠶ᠋ᠢᠨ ᠲᠣᠯᠣᠩ ᠤ᠋ᠨ ᠦᠵᠡᠰᠬᠦᠯᠡᠩᠲᠦ ᠰᠠᠢᠬᠠᠨ ᠦᠵᠡᠮᠵᠢ ᠠᠭᠤᠷ ᠪᠤᠬᠢᠨᠢᠳᠤᠯ ᠢ᠋ ᠮᠢᠨᠢ ᠮᠠᠷᠲᠠᠭᠤᠯᠵᠤ᠂ ᠷᠠᠰᠢ ᠴᠤ᠌ ᠬᠥᠭᠵᠢᠶᠡᠨᠲᠡᠢ ᠪᠠᠢᠳᠠᠯ ᠳ᠋ᠠᠭᠠᠨ ᠪᠤᠴᠠᠨ ᠣᠷᠣᠯ᠎ᠠ᠃ ᠮᠢᠨᠦ ᠭᠡᠷ ᠬᠠᠷᠠᠭᠳᠠᠬᠤ ᠶ᠋ᠢᠨ ᠦᠶᠡᠰ ᠢ᠋ᠶ᠋ᠡᠷ ᠷᠠᠰᠢ ᠮᠣᠷᠢᠨ ᠤ᠋ ᠪᠠᠨ ᠠᠮᠠᠭᠠᠢ ᠪᠠᠨ ᠲᠡᠳᠡᠨ ᠵᠣᠭᠰᠣᠭᠠᠳ ᠨᠠᠮᠠᠶ᠋ᠢ ᠭᠦᠢᠴᠡᠨ ᠢᠷᠡᠭᠰᠡᠨ ᠦ᠌ ᠬᠣᠢᠨ᠎ᠠ ᠨᠢᠭᠤᠷ ᠲᠠᠭᠠᠨ ᠲᠩᠵᠢᠨ ᠢᠨᠢᠶᠡᠮᠰᠦᠭᠯᠡᠯ ᠲᠣᠳᠣᠷᠠᠭᠤᠯᠤᠨ : 
       – ᠪᠢ ᠴᠦ᠍ ᠬᠥᠮᠦᠰ ᠲᠡᠢ ᠬᠠᠮᠲᠤ ᠴᠢᠨᠦ ᠬᠣᠢᠨ᠎ᠠ ᠠ᠋ᠴᠠ ᠭᠤᠷᠪᠠᠨ ᠬᠡᠰᠡᠭᠲᠡᠢ ᠰᠢᠪᠠᠷ ᠰᠢᠳᠡᠭᠰᠡᠨ ᠰᠢᠦ᠂ ᠭᠡᠬᠦ ᠳ᠋ᠦ᠍ ᠴᠢᠮᠠᠶ᠋ᠢ ᠣᠨᠣᠭᠠᠬᠤ ᠪᠠᠷ ᠰᠢᠳᠡᠭᠰᠡᠨ ᠦᠭᠡᠢ ᠶᠦᠮ ᠭᠡᠯ᠎ᠡ᠃