1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯ ᠲᠠᠬᠢᠬᠤ ᠢᠷᠦᠭᠡᠯ- ᠳ᠋ᠠ᠊· ᠵᠢᠮᠪᠠᠵᠠᠮᠰᠤГал дахих ерөөл-Д ·Жамбажамц

ᠭᠠᠯ ᠲᠠᠬᠢᠬᠤ ᠢᠷᠦᠭᠡᠯ- ᠳ᠋ᠠ᠊· ᠵᠢᠮᠪᠠᠵᠠᠮᠰᠤГал дахих ерөөл-Д ·Жамбажамц

2024-08-27

3483

          ᠳ᠋ᠠ᠊ · ᠵᠢᠮᠪᠠᠵᠠᠮᠰᠤ 
ᠣᠮ ᠰᠠᠢᠨ ᠠᠮᠤᠭᠤᠯᠠᠩ ᠪᠣᠯᠲᠤᠭᠠᠢ !
ᠳᠡᠭᠡᠷ᠎ᠡ ᠮᠥᠩᠬᠡ ᠲᠡᠭᠷᠢ ᠶ᠋ᠢ ᠲᠡᠪᠰᠢ ᠶ᠋ᠢᠨ ᠴᠢᠨᠡᠭᠡᠨ ᠪᠦᠬᠦᠢ ᠡᠴᠡ 
ᠳᠣᠣᠷ᠎ᠠ ᠡᠲᠦᠭᠡᠨ ᠡᠬᠡ ᠶ᠋ᠢ ᠥᠯᠮᠡᠢ ᠶ᠋ᠢᠨ ᠴᠢᠨᠡᠭᠡᠨ ᠪᠦᠬᠦᠢ ᠡᠴᠡ 
ᠰᠦᠮᠪᠦᠷ ᠶᠡᠬᠡ ᠠᠭᠤᠯᠠ ᠶ᠋ᠢ ᠳᠣᠪᠣ ᠴᠢᠨᠡᠭᠡᠨ ᠪᠦᠬᠦᠢ ᠡᠴᠡ 
ᠰᠦᠨ ᠠᠨᠠᠪᠠᠳ ᠳᠠᠯᠠᠢ ᠶ᠋ᠢ ᠱᠠᠯᠴᠢᠭ ᠲᠡᠳᠦᠢ ᠪᠦᠬᠦᠢ ᠡᠴᠡ 
ᠡᠭᠦᠳᠦᠨ ᠵᠠᠶᠠᠭᠠᠭᠰᠠᠨ ᠭᠠᠯ ᠭᠠᠯᠠᠢᠬᠠᠨ ᠡᠬᠡ ᠳ᠋ᠡᠭᠡᠨ 
ᠥᠭᠡᠬᠦ ᠲᠣᠰᠣ ᠶ᠋ᠢ ᠡᠷᠭᠦᠨᠡᠮ 
ᠡᠰᠦᠭ ᠳᠠᠷᠠᠰᠤ ᠶ᠋ᠢ ᠳᠤᠰᠤᠭᠠᠨᠠᠮ 
ᠥᠭᠡᠳᠡᠯᠡᠬᠦ ᠶᠡᠬᠡ ᠪᠤᠶᠠᠨ ᠤ᠋ ᠳᠤᠮᠳᠠ 
ᠦᠯᠡᠮᠵᠢ ᠵᠢᠷᠭᠠᠨ ᠰᠠᠭᠤᠲᠤᠭᠠᠢ !

ᠬᠠᠩᠭᠠᠢ ᠬᠠᠨ ᠢ᠋ ᠳᠣᠪᠣ ᠲᠡᠳᠦᠢ ᠪᠦᠬᠦᠢ ᠡᠴᠡ
ᠬᠠᠲᠤᠨ ᠳᠠᠯᠠᠢ ᠶ᠋ᠢ ᠱᠠᠯᠴᠢᠭ ᠲᠡᠳᠦᠢ ᠪᠦᠬᠦᠢ ᠡᠴᠡ
ᠬᠠᠢᠯᠠᠰᠤᠨ ᠮᠣᠳᠣᠨ ᠢ᠋ ᠨᠠᠢᠯᠵᠠᠭᠤᠷ ᠪᠦᠬᠦᠢ ᠡᠴᠡ
ᠬᠠᠨ ᠭᠠᠷᠤᠳᠢ ᠶ᠋ᠢ ᠳᠡᠭᠳᠡᠭᠡᠬᠡᠢ ᠪᠦᠬᠦᠢ ᠡᠴᠡ
ᠬᠠᠭᠠᠨ ᠴᠢᠩᠭᠢᠰ ᠦ᠋ᠨ ᠴᠠᠬᠢᠭᠰᠠᠨ
ᠬᠠᠲᠤᠨ ᠡᠬᠡ ᠶ᠋ᠢᠨ ᠦᠯᠢᠶᠡᠭᠰᠡᠨ
ᠬᠠᠢᠷ ᠴᠢᠯᠠᠭᠤᠨ ᠡᠬᠡᠲᠦ ᠬᠠᠳᠠ ᠲᠡᠮᠦᠷ ᠡᠴᠢᠭᠡᠲᠦ
ᠴᠢᠩ ᠴᠢᠯᠠᠭᠤᠨ ᠡᠬᠡᠲᠦ ᠴᠡᠩᠭᠡᠯ ᠲᠡᠮᠦᠷ ᠡᠴᠢᠭᠡᠲᠦ
ᠡᠭᠦᠯᠡᠨ ᠮᠡᠲᠦ ᠤᠨᠢᠶᠠᠷᠲᠤ ᠡᠳᠦᠷ ᠮᠡᠲᠦ ᠢᠯᠴᠢᠲᠦ
ᠲᠣᠷᠭᠠᠨ ᠴᠢᠷᠠᠢᠲᠤ ᠲᠣᠰᠣᠨ ᠠᠮᠢᠳᠤ
ᠥᠷᠭᠡᠨ ᠴᠢᠷᠠᠢᠲᠤ ᠥᠭᠡᠬᠦᠨ ᠠᠮᠢᠳᠤ
ᠬᠠᠲᠠᠭᠤ ᠶ᠋ᠢ ᠤᠶᠠᠷᠠᠭᠤᠯᠤᠭᠴᠢ
ᠬᠠᠷᠠᠩᠭᠤᠢ ᠶ᠋ᠢ ᠭᠡᠢᠭᠦᠯᠦᠭᠴᠢ
ᠭᠡᠭᠡᠨ ᠴᠢᠨᠠᠷᠲᠤ ᠭᠡᠷᠡᠯ ᠢᠯᠴᠢᠲᠦ
ᠭᠠᠯ ᠭᠠᠯᠠᠢᠬᠠᠨ ᠡᠬᠡ ᠳ᠋ᠡᠭᠡᠨ
ᠥᠭᠡᠬᠦ ᠲᠣᠰᠣ ᠡᠷᠭᠦᠨᠡᠮ
ᠡᠰᠦᠭ ᠳᠠᠷᠠᠰᠤ ᠶ᠋ᠢ ᠳᠤᠰᠤᠭᠠᠨᠠᠮ
ᠥᠭᠡᠳᠡᠯᠡᠬᠦ ᠶᠡᠬᠡ ᠵᠢᠷᠭᠠᠯᠠᠩ
ᠥᠨᠢᠳᠡ ᠣᠷᠣᠰᠢᠬᠤ ᠪᠣᠯᠲᠤᠭᠠᠢ !

ᠳᠠᠶᠠᠩ ᠬᠠᠨ ᠢ᠋ ᠳᠣᠪᠣ ᠪᠦᠬᠦᠢ ᠡᠴᠡ
ᠳᠠᠯᠠᠢ ᠲᠠᠩᠭᠢᠰ ᠢ᠋ ᠱᠠᠯᠴᠢᠭ ᠪᠦᠬᠦᠢ ᠡᠴᠡ
ᠳᠠᠭᠠᠷᠢ ᠬᠠᠷᠴᠠᠭᠠᠢ ᠶ᠋ᠢ ᠵᠤᠯᠵᠠᠭ᠎ᠠ ᠪᠦᠬᠦᠢ ᠡᠴᠡ
ᠳᠠᠷᠠᠭᠠᠢ  ᠳ᠋ᠠᠬᠢ ᠶ᠋ᠢ ᠢᠰᠢᠭᠡ ᠪᠦᠬᠦᠢ ᠡᠴᠡ
ᠬᠠᠯᠠᠭᠤᠨ ᠭᠣᠯᠣᠮᠲᠠ ᠳ᠋ᠤᠷ ᠣᠷᠣᠰᠢᠨ
ᠬᠠᠮᠤᠭ ᠲᠤᠷ ᠵᠠᠶᠠᠭᠠᠭᠰᠠᠨ
ᠭᠠᠯ ᠭᠠᠯᠠᠢᠬᠠᠨ ᠡᠬᠡ ᠳ᠋ᠡᠭᠡᠨ
ᠬᠠᠷ᠎ᠠ ᠠᠷᠢᠬᠢ ᠶ᠋ᠢ ᠠᠶᠠᠭ᠎ᠠ ᠪᠠᠷ ᠲᠤᠰᠤᠭᠠᠵᠤ
ᠬᠠᠯᠢᠮ ᠥᠭᠡᠬᠦ ᠶ᠋ᠢ ᠠᠯᠠᠭ᠎ᠠ ᠪᠠᠷ ᠡᠷᠭᠦᠵᠦ
ᠥᠯᠵᠡᠢᠲᠦ ᠡᠨᠡ ᠡᠳᠦᠷ ᠴᠢᠨᠦ
ᠦᠨᠳᠦᠰᠦ ᠶ᠋ᠢ ᠴᠢᠨᠢ ᠳᠠᠭᠤᠳᠠᠵᠤ
ᠦᠰᠦᠭ ᠢ᠋ ᠴᠢᠨᠢ ᠳᠤᠷᠠᠳᠬᠤ ᠶ᠋ᠢᠨ
ᠦᠨᠡᠨ ᠰᠢᠯᠲᠠᠭᠠᠨ ᠶᠠᠭᠤ ᠪᠣᠢ ᠭᠡᠪᠡᠯ
ᠨᠠᠭᠤᠷ ᠲᠤᠷ ᠵᠣᠭᠰᠣᠬᠤ ᠣᠯᠠᠨ ᠠᠯᠠᠭ ᠠᠳᠤᠭᠤ ᠲᠠᠢ ᠪᠣᠯᠭᠠᠮᠤ
ᠨᠤᠲᠤᠭ ᠢ᠋ᠶ᠋ᠠᠨ ᠡᠵᠡᠯᠡᠬᠦ ᠣᠮᠣᠭᠲᠤ ᠴᠢᠭᠢᠷᠠᠭ ᠬᠥᠪᠡᠭᠦᠳ ᠲᠡᠢ ᠪᠣᠯᠭᠠᠮᠤ
ᠵᠠᠳᠠᠭᠠᠢ ᠳ᠋ᠤᠷ ᠤᠰᠤᠯᠠᠬᠤ ᠬᠤᠨ ᠴᠠᠭᠠᠨ ᠬᠣᠨᠢᠳ ᠲᠠᠢ ᠪᠣᠯᠭᠠᠮᠤ
ᠵᠠᠩ ᠰᠠᠢᠲᠠᠢ ᠬᠣᠩᠭᠣᠷ ᠴᠡᠴᠡᠨ ᠥᠬᠢᠳ ᠲᠡᠢ ᠪᠣᠯᠭᠠᠮᠤ
ᠬᠠᠯᠠᠭᠤᠨ ᠠᠮᠢ ᠶ᠋ᠢ ᠮᠢᠨᠢ ᠮᠥᠩᠬᠡ ᠪᠣᠯᠭᠠᠵᠤ
ᠬᠠᠷᠠᠢᠬᠤ ᠪᠠᠷᠤᠢᠬᠤ ᠥᠮᠴᠢ ᠶ᠋ᠢ ᠡᠩᠬᠡ ᠪᠣᠯᠭᠠᠵᠤ
ᠬᠠᠢᠷᠠᠯᠠᠬᠤ ᠲᠠᠪᠤᠨ ᠬᠣᠰᠢᠭᠤ ᠮᠠᠯ ᠮᠢᠨᠢ
ᠬᠠᠩᠭᠠᠢ ᠵᠣ ᠶ᠋ᠢ ᠪᠦᠷᠬᠦᠨ
ᠭᠠᠳᠠᠨ᠎ᠠ ᠪᠠᠢᠬᠤ ᠮᠠᠯ ᠮᠢᠨᠢ ᠭᠠᠯᠠᠭᠤ ᠮᠡᠲᠦ ᠥᠰᠴᠦ
ᠭᠠᠬᠠᠢ ᠮᠡᠲᠦ ᠲᠠᠷᠭᠤᠯᠠᠵᠤ ᠭᠠᠵᠠᠷ ᠤᠰᠤ ᠶ᠋ᠢ ᠪᠦᠷᠬᠦᠬᠦ ᠪᠣᠯᠲᠤᠭᠠᠢ
ᠬᠣᠷᠮᠣᠢ ᠮᠢᠨᠢ ᠬᠤᠲᠤᠭ ᠲᠠᠢ ᠪᠣᠯᠲᠤᠭᠠᠢ
ᠲᠣᠬᠣᠢ ᠮᠢᠨᠢ ᠲᠣᠰᠣ ᠲᠠᠢ ᠪᠣᠯᠲᠤᠭᠠᠢ
ᠬᠤᠷᠤᠢ ᠬᠤᠷᠤᠢ ᠬᠤᠷᠤᠢ !

ᠠᠯᠲᠠᠲᠤ ᠶ᠋ᠢ ᠡᠳ᠋ᠯᠡᠵᠦ ᠠᠮᠲᠠᠲᠤ ᠶ᠋ᠢ ᠢᠳᠡᠵᠦ
ᠠᠰᠢᠳᠠ ᠶ᠋ᠢᠨ ᠵᠢᠷᠭᠠᠯᠠᠩ ᠤ᠋ᠨ ᠳᠤᠮᠳᠠ ᠠᠬᠤ ᠪᠣᠯᠲᠤᠭᠠᠢ
ᠰᠦᠮᠪᠦᠷ ᠠᠭᠤᠯᠠ ᠮᠡᠲᠦ ᠪᠠᠲᠤ ᠭᠣᠯᠣᠮᠲᠠ
ᠰᠦᠨ ᠳᠠᠯᠠᠢ ᠮᠡᠲᠦ ᠪᠠᠶᠠᠨ ᠬᠥᠷᠥᠩᠭᠡ ᠲᠡᠢ ᠪᠣᠯᠭᠠᠮᠤ
ᠲᠠᠰᠤᠷᠬᠠᠢ ᠶ᠋ᠢ ᠮᠢᠨᠢ ᠵᠠᠯᠭᠠᠵᠤ
ᠲᠠᠮᠲᠤᠷᠬᠠᠢ ᠶ᠋ᠢ ᠮᠢᠨᠢ ᠨᠥᠬᠥᠬᠦ
ᠦᠭᠡᠢᠷᠡᠭᠰᠡᠨ ᠢ᠋ ᠮᠢᠨᠢ ᠪᠠᠶᠠᠵᠢᠭᠤᠯᠵᠤ
ᠦᠷᠡᠭᠳᠡᠭᠰᠡᠨ ᠢ᠋ ᠮᠢᠨᠢ ᠣᠯᠭᠣᠬᠤ
ᠳᠤᠮᠳᠠ ᠶ᠋ᠢ ᠮᠢᠨᠢ ᠳᠦᠭᠦᠷᠭᠡᠵᠦ
ᠳᠤᠲᠠᠭᠤ ᠶ᠋ᠢ ᠨᠢ ᠭᠦᠢᠴᠡᠭᠡᠬᠦ
ᠮᠡᠬᠦᠰ ᠢ᠋ ᠮᠢᠨᠢ ᠳᠡᠭᠵᠢᠷᠡᠭᠦᠯᠵᠦ
ᠲᠡᠭᠦᠰ ᠪᠦᠷᠢᠨ ᠪᠣᠯᠭᠠᠮᠤ
ᠬᠤᠷᠤᠢ ᠬᠤᠷᠤᠢ ᠬᠤᠷᠤᠢ
ᠬᠥᠷᠥᠩᠭᠡ ᠶ᠋ᠢᠨ ᠡᠯᠪᠡᠭ ᠪᠠᠶᠠᠨ ᠴᠤᠭᠯᠠᠷᠠᠵᠤ
ᠬᠥᠪᠴᠢᠨ ᠳᠠᠶᠠᠭᠠᠷ ᠡᠩᠬᠡ ᠵᠢᠷᠭᠠᠲᠤᠭᠠᠢ !
ᠵᠣᠭᠳᠣᠷ ᠶᠡᠬᠡᠲᠦ ᠪᠤᠤᠷ᠎ᠠ
ᠲᠤᠭᠤᠯᠭ᠎ᠠ ᠶᠡᠬᠡᠲᠦ ᠪᠤᠬ᠎ᠠ
ᠳᠠᠭᠤ ᠶᠡᠬᠡᠲᠦ ᠨᠣᠬᠠᠢ
ᠳᠡᠯ ᠶᠡᠬᠡᠲᠦ ᠠᠵᠢᠷᠭ᠎ᠠ
ᠳᠠᠯᠠᠩ ᠶᠡᠬᠡᠲᠦ ᠭᠡᠭᠦᠦ
ᠬᠣᠨᠳᠣᠯᠠᠢ ᠰᠠᠢᠲᠤ ᠦᠬᠡᠷ
ᠬᠣᠩᠭᠣᠷ ᠬᠥᠬᠥᠲᠦ ᠦᠨᠢᠶ᠎ᠡ
ᠲᠠᠩᠬᠠᠢᠭᠰᠠᠨ ᠳᠠᠭ᠎ᠠ ᠢᠬᠢᠷᠯᠡᠭᠰᠡᠨ ᠢᠰᠢᠭᠡ
ᠪᠠᠶᠠᠵᠢᠭᠰᠠᠨ ᠪᠢᠷᠠᠭᠤ ᠲᠥᠯᠵᠢᠭᠰᠡᠨ ᠲᠥᠯᠥᠭᠡ
ᠪᠤᠢᠯᠠᠭᠰᠠᠨ ᠪᠣᠲᠣᠭᠣ
ᠴᠢᠨᠳᠠᠮᠤᠨᠢ ᠪᠠᠷ ᠪᠥᠭᠡᠯᠵᠢᠭᠰᠡᠨ ᠴᠠᠭᠠᠨ ᠬᠤᠯᠤᠭᠠᠨ᠎ᠠ
ᠡᠷᠳᠡᠨᠢ ᠪᠡᠷ ᠪᠠᠭᠠᠬᠤ ᠡᠷᠳᠡᠮᠲᠦ ᠲᠣᠭᠣᠰ
ᠡᠨᠡ ᠪᠦᠬᠦᠨ ᠡᠷᠬᠢᠮ ᠵᠦᠢᠯᠡᠰ
ᠡᠳ᠋ ᠦ᠋ᠨ ᠬᠡᠰᠢᠭ ᠣᠷᠣᠰᠢᠬᠤ ᠪᠣᠯᠲᠤᠭᠠᠢ
ᠬᠤᠷᠤᠢ ᠬᠤᠷᠤᠢ ᠬᠤᠷᠤᠢ!
   ᠦᠰᠦᠭ ᠠᠮᠢᠯᠠᠭᠤᠯᠤᠭᠰᠠᠨ ᠨᠢ᠄  ᠾᠦᠩ ᠸᠸᠢ