ᠵᠡᠭᠦᠳᠦᠨ ᠦ᠌ ᠪᠠᠢᠰᠢᠩ -ᠵᠠᠭᠳᠠ ᠶ᠋ᠢᠨ ᠲᠦᠮᠡᠨᠵᠢᠷᠭᠠᠯЗүүдний байшин-Загтын Түмэнжаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠦ᠌ ᠪᠠᠢᠰᠢᠩ -ᠵᠠᠭᠳᠠ ᠶ᠋ᠢᠨ ᠲᠦᠮᠡᠨᠵᠢᠷᠭᠠᠯЗүүдний байшин-Загтын Түмэнжаргал

ᠵᠡᠭᠦᠳᠦᠨ ᠦ᠌ ᠪᠠᠢᠰᠢᠩ -ᠵᠠᠭᠳᠠ ᠶ᠋ᠢᠨ ᠲᠦᠮᠡᠨᠵᠢᠷᠭᠠᠯЗүүдний байшин-Загтын Түмэнжаргал

2024-08-27

277

     ᠵᠠᠭᠳᠠ ᠶ᠋ᠢᠨ ᠲᠦᠮᠡᠨᠵᠢᠷᠭᠠᠯ 
ᠬᠠᠷᠠᠭᠠᠳ ᠯᠠ 
ᠠᠷᠠᠭᠠᠨ ᠤ᠋ ᠰᠢᠯᠦᠰᠦ ᠠᠰᠬᠠᠷᠠᠮᠠᠷ 
ᠬᠠᠴᠢᠨ ᠭᠣᠶᠣ ᠪᠠᠢᠰᠢᠩ ᠢ᠋ 
ᠪᠢ ᠵᠡᠭᠦᠳᠦᠯᠡᠯ᠎ᠡ᠃ 
ᠬᠠᠮᠤᠭ ᠲᠠᠪᠢᠯᠭ᠎ᠠ ᠶ᠋ᠢ ᠨᠢ 
ᠰᠢᠬᠢᠷ ᠪᠣᠣᠪᠣ ᠪᠠᠷ ᠬᠢᠭᠰᠡᠨ 
ᠬᠠᠵᠠᠴᠢᠬᠠᠮᠠᠷ ᠢᠳᠡᠴᠢᠬᠡᠮᠡᠷ 
ᠪᠠᠢᠰᠢᠩ ᠰᠢᠦ ᠳᠡ᠃
ᠵᠢᠩᠨᠡᠮᠡᠭ ᠬᠠᠨ᠎ᠠ
ᠰᠢᠬᠢᠷ ᠬᠠᠭᠠᠯᠭ᠎ᠠ
ᠵᠢᠮᠢᠰᠦᠨ ᠱᠠᠯᠠ 
ᠱᠦᠺᠦᠯᠡᠳ᠋ ᠦᠨ ᠱᠦᠭᠦᠢ
ᠶᠣᠣᠲᠠᠩ ᠲᠣᠪᠴᠢᠶ᠎ᠠ
ᠮᠥᠰᠥᠨ ᠰᠢᠬᠢᠷ ᠴᠣᠩᠬᠣ
ᠶᠣᠰᠣᠲᠠᠢ ᠠᠮᠲᠠᠲᠠᠢ
ᠰᠡᠨ᠋ᠧᠭ᠌ᠷᠡᠰ ᠰᠢᠷᠡᠭᠡ᠃
ᠨᠢᠭᠤᠯ ᠦᠭᠡᠢ ᠬᠡᠯᠡᠬᠦ ᠳ᠋ᠦ᠍
ᠲᠡᠢᠮᠦ ᠪᠠᠢᠰᠢᠩ ᠲᠠᠢ ᠪᠣᠯ
ᠨᠤᠷᠠᠭᠠᠭᠠᠳ ᠪᠢ
ᠢᠳᠡᠴᠢᠬᠡᠬᠦ ᠯᠡ ᠪᠠᠢᠭᠰᠠᠨ ᠳᠠ᠂
ᠢᠳᠡᠶ᠎ᠡ ᠭᠡᠵᠦ
ᠣᠭᠲᠣ ᠰᠠᠨᠠᠭᠳᠠᠬᠤ ᠦᠭᠡᠢ
ᠡᠩ ᠦ᠋ᠨ ᠪᠠᠢᠰᠢᠩ ᠳ᠋ᠤ᠌
ᠰᠠᠭᠤᠳᠠᠭ ᠯᠠ ᠠᠵᠠ ᠶᠤᠮ᠃

   ᠦᠰᠦᠭ ᠠᠮᠢᠯᠠᠭᠤᠯᠤᠭᠴᠢ᠄ ᠸᠠᠩ᠂ ᠪᠠᠳᠮ᠎ᠠ
   ᠬᠢᠨᠠᠭᠴᠢ᠄ ᠭᠠᠷᠮ᠎ᠠ᠂ ᠣᠳᠬᠠᠨᠰᠣ᠎ᠠ