ᠲᠤᠢᠯᠪᠤᠷᠢᠲᠠᠢ ᠳᠠᠰᠤᠷᠬᠠᠢ – ᠶᠣᠨᠳᠣᠨ ᠤ ᠪᠢᠯᠢᠭ᠌ - ᠪᠠᠭᠠᠲᠤᠷ Туйлбартай тасархай – Ёндоны Билиг - Баатар
ᠲᠠᠩᠬᠠᠢ ᠣᠶᠤᠨ ᠤᠬᠠᠭᠠᠨᠲᠠᠳ ᠯᠠ ᠰᠠᠶᠢ
ᠲᠠᠰᠤᠷᠬᠠᠢ ᠦᠨᠡᠨᠴᠢ ᠠᠮᠢᠳᠤᠷᠠᠭᠰᠠᠳ ᠶᠤᠮ
ᠲᠠ ᠬᠡᠷᠪᠡ ᠶᠠᠭ ᠡᠢᠮᠦ ᠬᠥᠮᠦᠨ ᠶᠦᠮ ᠪᠣᠯ
ᠲᠠᠨ ᠳ᠋ᠤ᠌ ᠪᠠᠶᠠᠷ ᠬᠦᠷᠭᠡᠬᠦ ᠯᠡ ᠶᠣᠰᠣᠲᠠᠢ᠂
ᠡᠢᠮᠦ ᠬᠥᠮᠦᠨ ᠮᠠᠰᠢ ᠬᠡᠢᠮᠦᠷᠢᠲᠡᠢ ᠭᠠᠩᠭᠠᠩ
ᠡᠢᠮᠦ ᠬᠥᠮᠦᠨ ᠬᠠᠮᠤᠭ ᠠ᠋ᠴᠠ ᠠᠢᠬᠤᠪᠳᠤᠷ᠂
ᠡᠢᠮᠦ ᠬᠥᠮᠦᠨ ᠳᠡᠩᠳᠡᠭᠦᠦ ᠰᠢᠯᠤᠭᠤᠨ ᠰᠢᠭ᠋ !
ᠡᠢᠮᠦ ᠬᠥᠮᠦᠨ ᠬᠡᠲᠦᠷᠬᠡᠢ ᠴᠠᠭᠠᠪᠤᠷ ᠶᠤᠮ ᠰᠢᠭ᠋
ᠦᠨᠡᠨᠳᠡᠭᠡᠨ ᠡᠢᠮᠦ ᠬᠥᠮᠦᠰ ᠢᠯᠡ ᠤᠬᠠᠭᠠᠨ
ᠦᠷᠭᠦᠯᠵᠢ ᠪᠡᠶ᠎ᠡ ᠳ᠋ᠡᠭᠡᠨ ᠢᠲᠡᠭᠡᠯ ᠲᠡᠭᠦᠰ
ᠪᠤᠰᠤᠷᠮᠠᠭ ᠦᠭᠡᠢ ᠴᠢᠩ ᠦᠨᠡᠨᠴᠢ ᠪᠡᠷ !
ᠪᠣᠰᠤᠣᠳ ᠲᠤ᠌ ᠬᠠᠨᠳᠤᠬᠤ ᠨᠢ ᠨᠠᠷᠢᠯᠢᠭ ᠤᠷᠠᠯᠢᠭ
ᠠᠯᠢ ᠪᠠᠢᠭᠰᠠᠨ ᠢ᠋ᠶ᠋ᠠᠨ ᠨᠢᠭᠤᠯ ᠦᠭᠡᠢ ᠪᠡᠷ
ᠠᠭᠤᠳᠠᠯᠤᠭᠠᠳ ᠬᠥᠳᠦᠷᠴᠢᠬᠡᠳᠡᠭ ᠬᠥᠮᠦᠨ ᠦ᠌
ᠠᠯᠤᠰ ᠴᠠᠭᠠᠨ᠎ᠠ ᠨᠢ ᠠᠨᠠᠪᠠᠳ ᠳᠠᠯᠠᠢ ᠲᠠᠢ
ᠠᠷᠤ ᠬᠣᠢᠨ᠎ᠠ ᠨᠢ ᠠᠯᠲᠠᠨ ᠠᠭᠤᠯᠠᠰ ᠲᠠᠢ
ᠲᠠᠲᠠᠭᠤᠰ ᠬᠡᠨ ᠴᠦ᠍ ᠡᠴᠡ ᠠᠶᠤᠳᠠᠭ ᠦᠭᠡᠢ
ᠲᠡᠳᠡᠨᠦᠰ ᠶᠠᠭᠤᠨ ᠳ᠋ᠤ᠌ ᠴᠤ᠌ ᠪᠡᠯᠡᠬᠡᠨ ᠪᠠᠢᠳᠠᠭ
ᠲᠣᠶᠢᠯᠪᠤᠷᠢᠲᠠᠢ ᠲᠠᠰᠤᠷᠬᠠᠢ ᠡᠢᠮᠦ ᠬᠥᠮᠦᠰ ᠢ᠋
ᠲᠤᠢᠯ ᠤ᠋ᠨ ᠲᠤᠶᠠᠭ᠎ᠠ ᠭᠡᠢᠭᠦᠯᠵᠦ ᠰᠠᠴᠤᠷᠠᠳᠠᠭ
ᠲᠤᠩ ᠴᠤ᠌ ᠣᠯᠠᠨ ᠡᠨ᠋ᠸᠷᠬᠢ ᠶ᠋ᠢᠨ ᠴᠠᠭᠠᠷᠢᠭ
ᠲᠣᠭᠣᠷᠢᠭᠠᠳ ᠲᠡᠳᠡᠨᠦᠰ ᠢ᠋ ᠳᠠᠭᠠᠵᠤ ᠪᠠᠢᠳᠠᠭ
ᠰᠤᠷ ᠪᠣᠯᠤᠭᠰᠠᠨ ᠡᠷᠳᠡᠮᠲᠡᠳ ᠪᠠᠭᠠᠲᠤᠳ ᠢ᠋
ᠰᠣᠷᠢᠨᠵᠢᠨ ᠴᠢᠨᠠᠷ ᠢ᠋ᠶ᠋ᠠᠷ ᠢ᠋ᠶ᠋ᠠᠨ ᠲᠠᠲᠠᠵᠤ ᠪᠠᠢᠳᠠᠭ
ᠣᠨᠴᠠᠭᠠᠢ ᠡᠢᠮᠦ ᠬᠥᠮᠦᠰ ᠦ᠋ᠨ ᠣᠯᠠᠩᠬᠢ ᠠᠨᠤ
ᠣᠮᠣᠭᠯᠠᠩ ᠳᠠᠷᠤᠳᠬᠠᠨ ᠤ᠋ ᠳᠤᠮᠳᠠ ᠣᠷᠣᠰᠢᠮᠤ
ᠡᠳᠡᠨᠦᠰ ᠠᠨᠤ ᠦᠯᠦ ᠲᠤᠢᠯᠰᠢᠷᠠᠬᠤ ᠬᠠᠤᠯᠢ !
ᠡᠳᠡᠨᠦᠰ ᠠᠨᠤ ᠡᠷᠡᠰ ᠢᠯᠠᠬᠤ ᠶ᠋ᠢᠨ ᠲᠤᠭ !
ᠡᠳᠡᠨᠦᠰ ᠢᠨᠤ ᠳᠠᠭᠠᠭᠠᠮᠠᠭᠠᠢ ᠲᠡᠪᠴᠢᠶᠡᠷᠢᠲᠡᠢ ᠭᠠᠯ
ᠡᠳᠡᠨᠦᠰ ᠢᠨᠤ ᠬᠦᠯᠢᠴᠡᠩᠭᠦᠢ ᠭᠢᠷᠬᠠᠢ ᠵᠣᠬᠢᠴᠠᠯ
᠁ ᠁ ᠁
ᠪᠦᠭᠦᠳᠡ ᠪᠦᠭᠦᠳᠡᠭᠡᠷ ᠬᠠᠭᠤᠷᠮᠠᠭ ᠪᠠᠭ ᠲᠠᠢ᠂
ᠪᠦᠭᠴᠢᠮ ᠰᠡᠵᠢᠭ ᠲᠡᠢ ᠡᠳᠦᠭᠡ ᠴᠠᠭ ᠲᠤᠷ
ᠰᠢᠭᠤᠷᠬᠠᠢ ᠡᠷᠡᠯᠬᠡᠭ ᠦᠨᠡᠨᠴᠢ ᠠᠮᠢᠳᠤᠷᠠ ᠠ᠋
ᠰᠦᠨ ᠰᠦᠨᠡᠰᠦ ᠲᠠᠨᠢ ᠬᠬᠢᠷᠲᠦᠬᠦ ᠦᠭᠡᠢ ᠠ᠋
2024᠂ 08 ᠂ 25᠂ 10᠄ 29 ᠮᠢᠨᠦ᠋ᠲ᠃
ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ᠃
