ᠪᠤᠷᠬᠠᠨ ᠤ ᠪᠦᠷᠢᠯᠸ᠎ᠠ – ᠶᠣᠨᠳᠣᠨ ᠤ ᠪᠢᠯᠢᠭ᠌ - ᠪᠠᠭᠠᠲᠤᠷ Бурхны бүрлва – Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠤ ᠪᠦᠷᠢᠯᠸ᠎ᠠ – ᠶᠣᠨᠳᠣᠨ ᠤ ᠪᠢᠯᠢᠭ᠌ - ᠪᠠᠭᠠᠲᠤᠷ Бурхны бүрлва – Ёндоны Билиг - Баатар

ᠪᠤᠷᠬᠠᠨ ᠤ ᠪᠦᠷᠢᠯᠸ᠎ᠠ – ᠶᠣᠨᠳᠣᠨ ᠤ ᠪᠢᠯᠢᠭ᠌ - ᠪᠠᠭᠠᠲᠤᠷ Бурхны бүрлва – Ёндоны Билиг - Баатар

2024-08-24

165

ᠪᠤᠷᠬᠠᠨ ᠤ ᠪᠦᠷᠢᠯᠸ᠎ᠠ


 ᠪᠦᠳᠦᠷᠢᠵᠦ ᠵᠣᠪᠠᠵᠤ ᠤᠬᠠᠭᠠᠷᠠᠭᠰᠠᠨ ᠬᠥᠮᠦᠰ 
 ᠪᠦᠭᠦᠳᠡᠭᠡᠷ ᠢ᠋ᠶ᠋ᠡᠨ ᠪᠤᠷᠬᠠᠨ ᠤ᠋ ᠪᠦᠷᠢᠯᠸ᠎ᠠ ᠶᠤᠮ 
 ᠪᠦᠷᠢᠮᠦᠰᠦᠨ ᠲᠣᠢᠯᠪᠤᠷᠢᠲᠠᠢ ᠲᠣᠢᠯᠳᠠᠭᠠᠳ ᠯᠠ 
 ᠪᠥᠬᠡᠴᠢᠨ ᠰᠢᠭ ᠳᠡᠪᠢᠵᠦ ᠪᠣᠰᠤᠠᠰᠠᠨ ᠡᠷ᠎ᠡ 
 ᠪᠦᠷᠭᠦᠳ ᠰᠢᠭ ᠣᠭᠲᠠᠷᠭᠤᠢ ᠶ᠋ᠢ ᠡᠵᠡᠩᠨᠡᠭᠰᠡᠨ 
 ᠪᠦᠬᠦᠨ ᠦ᠌ ᠮᠠᠩᠯᠠᠢ ᠳᠠᠰᠤᠷᠬᠠᠢ ᠬᠥᠮᠦᠨ ᠶᠦ᠍ᠮ! 
 ᠠᠰᠬ᠎ᠠ ᠶ᠋ᠢᠨ ᠢᠷᠮᠡᠭ ᠠ᠋ᠴᠠ ᠬᠠᠯᠲᠤᠷᠢᠭᠠᠳ 
 ᠠᠩᠭᠠᠯ ᠬᠠᠷᠠᠩᠭᠤᠢ ᠶ᠋ᠢᠨ ᠢᠷᠣᠭᠠᠷ ᠠ᠋ᠴᠠ ᠪᠠᠨ 
 ᠠᠭᠲᠠ ᠶ᠋ᠢᠨ ᠦᠣᠷᠰᠡᠯ ᠳ᠋ᠦ᠍ ᠬᠠᠷᠠᠢᠭᠠᠳ ᠯᠠ 
 ᠠᠯᠲᠠᠨ ᠨᠠᠷᠠ ᠵᠠᠢ ᠰᠢᠭᠦᠷᠡᠭᠰᠡᠨ ᠭᠠᠯ ᠪᠠᠭᠠᠲᠤᠷ 
 ᠠᠬᠢᠭᠠᠳ ᠬᠡᠵᠢᠶ᠎ᠡ ᠴᠦ᠍ ᠭᠠᠵᠠᠷ ᠤ᠋ᠨ ᠠᠩ ᠢ᠋ 
 ᠠᠯᠠᠭ ᠮᠡᠯᠮᠡᠢ ᠪᠡᠷ ᠢ᠋ᠶ᠋ᠡᠨ ᠣᠯᠢᠬᠤ ᠦᠭᠡᠢ ᠠ᠋ 
 ᠬᠦᠴᠢᠷ ᠪᠡᠷᠬᠡᠰᠢᠶᠡᠯ ᠡᠴᠡ ᠬᠤᠴᠠᠨ ᠳᠤᠲᠠᠭᠠᠬᠤ 
 ᠬᠦᠨᠳᠦ ᠶ᠋ᠢᠨ ᠵᠢᠩ ᠦᠭᠡᠢ ᠪᠡᠷᠲᠡᠭᠴᠢᠳ ᠯᠠ 
 ᠬᠣᠨᠢᠨ ᠤ᠋ ᠬᠣᠷᠭᠣᠯ ᠳ᠋ᠤ᠌ ᠨᠢᠴᠠ ᠳᠠᠷᠤᠭᠳᠠᠭᠠᠳ 
 ᠬᠣᠢᠳᠤ ᠲᠥᠷᠥᠯ ᠳ᠋ᠡᠭᠡᠨ ᠬᠤᠯᠤᠭᠠᠨ᠎ᠠ ᠪᠣᠯᠤᠮᠤ 
 ᠶᠠᠭᠠᠬᠢᠵᠤ ᠭᠠᠴᠢᠭᠳᠠᠭᠰᠠᠨ ᠴᠤ᠌ ᠬᠥᠮᠦᠰ ᠮᠢᠨᠢ 
 ᠶᠠᠭ ᠥᠪᠡᠷ ᠦ᠋ᠨ ᠬᠢ ᠪᠡᠷ ᠢ᠋ᠶ᠋ᠡᠨ ᠠᠮᠢᠳᠤᠷᠠ᠃ 
 ᠁ ᠁ ᠁
 ᠪᠣᠭᠳᠠ ᠡᠵᠡᠨ ᠴᠢᠩᠭᠢᠰ᠂ ᠪᠤᠷᠬᠠᠨ ᠱᠠᠭᠵᠠᠮᠤᠨᠢ  
 ᠪᠤᠷᠤᠭᠤ ᠶᠠᠭᠤᠮ᠎ᠠ ᠯᠠ ᠵᠢᠭᠠᠬᠤ ᠦᠭᠡᠢ ᠠ᠋ 
 ᠪᠤᠷᠤᠭᠤᠳᠠᠭᠰᠠᠨ ᠯᠠ ᠪᠣᠯ ᠥᠪᠡᠷ ᠡᠴᠡ ᠪᠡᠨ 
 ᠪᠤᠬᠠᠨ ᠤ᠋ ᠡᠪᠡᠷ ᠮᠤᠰᠬᠢᠵᠦ ᠰᠠᠢᠲᠤᠷ ᠠᠰᠠᠭᠤ ! 
 ᠥᠪᠡᠷᠪᠢ ᠪᠡᠨ ᠬᠦᠵᠡᠭᠡᠢ ᠲᠠᠨᠢᠬᠤ ᠦᠭᠡᠢ ᠪᠣᠯ 
 ᠦᠩᠭᠡᠪᠴᠢ ᠬᠣᠷᠸ᠎ᠠ ᠠ᠋ᠴᠠ ᠠᠷᠢᠯᠵᠤ ᠤ᠌ᠳ 
 ᠦᠨᠡᠨ ᠤ᠎ ᠬᠣᠷᠸ᠎ᠠ ᠨᠢᠷᠤᠭᠤ ᠨᠢ ᠠᠮᠠᠷᠠᠭ ᠡ  
 ᠦᠶ᠎ᠡ ᠶ᠋ᠢᠨ ᠬᠥᠮᠦᠰ ᠲᠠᠨᠢ ᠤᠷᠲᠤ ᠨᠠᠰᠤᠯᠠᠭ 
 ᠥᠭᠡᠷ᠎ᠡ ᠰᠣᠩᠭᠤᠯᠲᠠ ᠴᠢᠮᠠᠲᠤ ᠦᠭᠡᠢ! 
 ᠦᠬᠦᠯ ᠪᠣᠯ ᠬᠠᠮᠤᠭ  ᠭᠣᠶᠣ ᠦᠵᠡᠮᠵᠢ ᠪᠥᠯᠥᠭᠡ᠂ 
 ᠵᠣᠪᠠᠬᠤ ᠦᠭᠡᠢ ᠪᠡᠷ ᠪᠡᠯᠡᠨ ᠪᠤᠳᠠᠭ᠎ᠠ ᠪᠠᠷ 
 ᠵᠣᠯ ᠵᠦᠭᠡᠷ ᠵᠢᠷᠭᠠᠳᠠᠭ ᠶᠣᠰᠣᠨ ᠦᠭᠡᠢ ᠠ᠋ 
 ᠵᠤᠳ ᠭᠠᠩ ᠢ᠋ ᠦᠵᠡᠭᠡ ᠦᠭᠡᠢ ᠮᠠᠯ᠎ ᠤᠳ 
 ᠵᠤᠨ ᠨᠠᠮᠤᠷ ᠢ᠋ ᠦᠵᠡᠳᠡᠭ ᠬᠠᠤᠯᠢ ᠦᠭᠡᠢ 
 ᠶᠡᠬᠡ ᠳᠠᠷᠤᠯᠲᠠ ᠬᠠᠪᠴᠢᠯᠲᠠ ᠠ᠋ᠴᠠ ᠯᠠ 
 ᠶᠡᠬᠡ ᠳᠠᠯᠪᠠᠷᠡᠯᠲᠡ ᠡᠭᠦᠰᠳᠡᠭ ᠶᠦ᠍ᠮ ᠭᠡᠮᠡᠨ 
 ᠬᠣᠷᠢᠭᠠᠳ ᠵᠢᠯ ᠦ᠋ᠨ ᠡᠮᠤᠨ᠎ᠡ ᠴᠡᠴᠡᠯᠡᠭᠰᠡᠨ 
 ᠮᠢᠨᠦ ᠦᠭᠡ ᠶ᠋ᠢ ᠪᠦᠭᠦᠳᠡ ᠯᠡ ᠮᠠᠷᠲᠠᠵᠠᠢ᠃ 

 ᠮᠠᠷᠲᠠᠲᠤᠭᠠᠢ ! ᠲᠣᠢᠯᠪᠤᠷᠢᠳᠠᠢ ᠮᠠᠷᠲᠠᠲᠤᠭᠠᠢ 
 ᠮᠠᠨᠳᠤᠳᠤᠭᠠᠢ ᠠ᠋ᠴᠠ ᠪᠤᠰᠤᠳ ᠢ᠋ ᠮᠠᠷᠲᠠᠭᠰᠠᠨ 
 ᠮᠠᠨ ᠤ᠋ ᠮᠣᠩᠭᠣᠯᠴᠤᠳ ᠮᠠᠰᠢ ᠮᠠᠷᠲᠠᠮᠠᠳᠠᠭᠠᠢ! 
 ᠮᠠᠭᠠᠳ ᠨᠢᠭᠡ ᠡᠳᠦᠷ ᠱᠠᠯ ᠳᠤᠷᠠᠲᠠᠢ ᠪᠣᠯ ! 
 ᠮᠠᠨᠳᠤᠬᠤ ᠶ᠋ᠢ ᠴᠢᠨᠢ ᠪᠠᠢᠭ ᠭᠡᠬᠦ ᠦᠭᠡᠢ ᠰᠢᠦ
 ᠮᠠᠭᠰᠢᠬᠤ ᠶ᠋ᠢ ᠴᠢᠨᠢ ᠴᠤ᠌  ᠪᠠᠢᠭ ᠭᠡᠬᠦ ᠦᠭᠡᠢ!
 
 ᠬᠡᠨ ᠢ᠋ ᠴᠦ᠍ ᠪᠢᠲᠡᠭᠡᠢ ᠡᠭᠦᠷᠢᠳᠡ ᠮᠠᠷᠲᠠᠭᠠᠷᠠᠢ᠃ 
 ᠭᠠᠭᠴᠠᠬᠠᠨ ᠨᠠᠮ᠎ᠠ ᠶ᠋ᠢ ᠯᠡ ᠡᠷᠡᠰ ᠮᠠᠷᠲᠠᠭᠠᠷᠠᠢ 
 ᠤᠴᠢᠷ ᠨᠢ! ᠪᠢ ᠱᠠᠯ ᠬᠡᠷᠡᠭ ᠦᠭᠡᠢ! 

               2024᠂ 08᠂ 23᠂ 18᠄ 21 ᠮᠢᠨᠦ᠋ᠲ 

                     ᠬᠥᠬᠡᠬᠤᠲᠡᠨ᠎ᠡ ᠬᠢᠴᠢᠶᠡᠩᠭᠦᠢ ᠪᠦᠲᠦᠭᠡᠪᠡᠢ᠃