ᠴᠡᠴᠡᠭ ᠪᠢᠳᠡ ᠬᠣᠶᠠᠷ-ᠴᠡᠷᠡᠩᠳᠣᠷᠵᠢ ᠶ᠋ᠢᠨ ᠴᠢᠩᠪᠠᠳᠤЦэцэг бид хоёр-Цэрэндоржийн Чанбат
ᠴᠡᠷᠡᠩᠳᠣᠷᠵᠢ ᠶ᠋ᠢᠨ ᠴᠢᠩᠪᠠᠳᠤ
ᠬᠢᠴᠢᠶᠡᠯ ᠲᠠᠷᠠᠭᠠᠳ
ᠬᠥᠳᠡᠭᠡ ᠭᠠᠷᠬᠤ ᠳ᠋ᠤ᠌
ᠬᠡᠭᠡᠨᠴᠢᠷ ᠴᠡᠴᠡᠭ
ᠢᠨᠢᠶᠡᠵᠦ ᠤᠭᠲᠤᠭᠰᠠᠨ᠃
ᠬᠤᠷ᠎ᠠ ᠪᠣᠷᠣᠭᠠᠨ ᠳ᠋ᠤ᠌ ᠰᠡᠷᠭᠦᠵᠦ
ᠴᠢ ᠣᠷᠭᠣᠭᠠᠳ ᠯᠠ
ᠬᠤᠷᠠᠭ᠎ᠠ ᠲᠤᠭᠤᠯ ᠳ᠋ᠤ᠌ ᠭᠦᠶᠦᠵᠦ
ᠪᠢ ᠣᠷᠭᠣᠭᠠᠳ ᠯᠠ
ᠴᠡᠴᠡᠭ ᠪᠢᠳᠡ ᠬᠣᠶᠠᠷ᠂
ᠵᠤᠨ ᠢ᠋ ᠴᠡᠩᠭᠡᠯᠲᠡᠢ ᠥᠲᠡᠯ᠎ᠡ᠃
ᠨᠠᠮᠤᠷ ᠨᠠᠮᠠᠶ᠋ᠢ
ᠰᠤᠷᠭᠠᠭᠤᠯᠢ ᠳ᠋ᠠᠭᠠᠨ ᠶᠠᠪᠤᠬᠤ ᠳ᠋ᠤ᠌
ᠨᠠᠢᠭᠤᠬᠤ ᠴᠡᠴᠡᠭ ᠤᠬᠢᠯᠠᠵᠤ ᠦᠯᠡᠳᠡᠭᠰᠡᠨ᠃
ᠨᠤᠭᠤ ᠶ᠋ᠢᠨ ᠲᠦᠮᠡᠨ
ᠴᠡᠴᠡᠭ ᠦ᠋ᠨ ᠳᠡᠯᠪᠢᠭᠡ
ᠨᠢᠯᠪᠤᠰᠤ ᠠᠳᠠᠯᠢ
ᠤᠨᠠᠵᠤ ᠪᠠᠢᠭᠰᠠᠨ᠃ ᠴᠡᠴᠡᠭ ᠨᠠᠢᠵᠠ ᠮᠢᠨᠢ
ᠪᠢᠲᠡᠭᠡᠢ ᠤᠬᠢᠯᠠᠨ ᠳᠠ᠂
ᠴᠢ ᠪᠢᠳᠡᠨ ᠦ᠌ ᠲᠠᠪᠢᠯᠠᠩ ᠡᠨᠡ ᠳᠡ᠃
ᠬᠣᠢᠲᠤᠨ( ᠵᠢᠯ) ᠳᠠᠬᠢᠭᠠᠳ
ᠬᠦᠷᠦᠭᠡᠳ ᠢᠷᠡᠨ᠎ᠡ ᠳᠠ᠂
ᠬᠣᠶᠠᠭᠤᠯᠠ ᠪᠠᠨ ᠳᠠᠬᠢᠭᠠᠳ ᠯᠠ
ᠤᠷᠭᠤᠵᠤ ᠭᠠᠷᠤᠨ᠎ᠠ ᠳᠠ᠃
ᠦᠰᠦᠭ ᠠᠮᠢᠯᠠᠭᠤᠯᠤᠭᠴᠢ᠄ ᠸᠠᠩ᠂ ᠪᠠᠳᠮ᠎ᠠ
ᠬᠢᠨᠠᠭᠴᠢ᠄ ᠣᠳᠬᠠᠨᠰᠣ᠎ᠠ
