ᠣᠳᠣᠳ ᠥᠷᠯᠥᠭᠡ ᠬᠠᠮᠢᠭ᠎ᠠ ᠣᠴᠢᠳᠠᠭ ᠪᠣᠢ-ᠯᠤᠪᠰᠠᠩ ᠤ᠋ᠨ ᠣᠳᠣᠨᠴᠢᠮᠡᠳОдод өглөө хаа очдог бэ-Лувсангийн Одончимэд ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠳᠣᠳ ᠥᠷᠯᠥᠭᠡ ᠬᠠᠮᠢᠭ᠎ᠠ ᠣᠴᠢᠳᠠᠭ ᠪᠣᠢ-ᠯᠤᠪᠰᠠᠩ ᠤ᠋ᠨ ᠣᠳᠣᠨᠴᠢᠮᠡᠳОдод өглөө хаа очдог бэ-Лувсангийн Одончимэд

ᠣᠳᠣᠳ ᠥᠷᠯᠥᠭᠡ ᠬᠠᠮᠢᠭ᠎ᠠ ᠣᠴᠢᠳᠠᠭ ᠪᠣᠢ-ᠯᠤᠪᠰᠠᠩ ᠤ᠋ᠨ ᠣᠳᠣᠨᠴᠢᠮᠡᠳОдод өглөө хаа очдог бэ-Лувсангийн Одончимэд

2024-08-26

353

       ᠯᠤᠪᠰᠠᠩ ᠤ᠋ᠨ ᠣᠳᠣᠨᠴᠢᠮᠡᠳ 

ᠥᠴᠥᠭᠡᠳᠦᠷ ᠣᠷᠣᠢ ᠤᠨᠲᠠᠬᠤ ᠶ᠋ᠢᠨ ᠦᠶ᠎ᠡ ᠪᠡᠷ 
ᠡᠷᠦᠬᠡᠨ ᠳᠡᠭᠡᠷ᠎ᠡ ᠭᠢᠯᠲᠠᠭᠠᠨᠠᠵᠤ ᠪᠠᠢᠭᠰᠠᠨ 
ᠥᠴᠢᠨᠡᠨ ᠣᠯᠠᠨ ᠣᠳᠣ 
ᠥᠨᠥ ᠥᠷᠯᠥᠭᠡ ᠠᠯᠠᠭ᠎ᠠ ᠪᠠᠢᠬᠤ ᠴᠢᠨᠢ 

ᠤᠷᠢᠳᠤ ᠰᠥᠨᠢ ᠲᠡᠳᠡ ᠬᠠᠮᠢᠭ᠎ᠠ ᠣᠷᠣᠴᠢᠬᠠᠪᠠ ᠠ᠋ 
ᠠᠭᠤᠯᠠ ᠶ᠋ᠢᠨ ᠴᠠᠭᠠᠭᠤᠷ ᠨᠢᠭᠤᠭᠳᠠᠴᠢᠬᠠᠪᠠ ᠤᠤ 
ᠤᠰᠤᠨ ᠳ᠋ᠤ᠌ ᠱᠤᠮᠪᠠᠭᠠᠳ ᠣᠷᠣᠴᠢᠬᠠᠪᠠ ᠤᠤ 
ᠤᠴᠢᠷ ᠢ᠋ ᠨᠢ ᠮᠡᠳᠡᠭᠡᠳ ᠠᠪᠬᠤ ᠶᠤᠮᠰᠠᠨ 

ᠰᠠᠷᠠ ᠨᠢᠭᠡ ᠯᠡ ᠲᠣᠮᠣᠷᠠᠴᠢᠬᠠᠭᠰᠠᠨ ᠶᠤᠮ ᠰᠢᠭ᠋ 
ᠰᠠᠨᠠᠭ᠎ᠠ ᠲᠠᠢ ᠲᠡᠳᠡᠨ ᠢ᠋ ᠵᠠᠯᠭᠢᠴᠢᠬᠠᠭ᠎ᠠ ᠦᠭᠡᠢ ᠪᠠᠢᠭ᠎ᠠ ᠳᠠ?
ᠰᠠᠭᠠᠬᠠᠯᠲᠠ ᠡᠪᠦᠭᠡ ᠶ᠋ᠢᠨ ᠰᠠᠬᠢᠯᠭ᠎ᠠ ᠦᠭᠡᠢ ᠬᠦᠦ
ᠰᠠᠪᠠᠭ᠎ᠠ ᠮᠣᠳᠣ ᠪᠠᠷ ᠬᠠᠭᠠᠯᠴᠢᠬᠠᠭ᠎ᠠ ᠦᠭᠡᠢ ᠪᠠᠢᠭ᠎ᠠ ᠳᠠ?

ᠡᠪᠦᠭᠡ ᠶ᠋ᠢᠨ ᠳᠤᠷᠠᠨ ᠢ᠋ ᠠᠪᠤᠭᠠᠳ ᠬᠠᠷᠠᠶ᠎ᠠ ᠪᠠᠢᠵᠠ᠂
ᠥᠨᠳᠥᠷ ᠭᠠᠵᠠᠷ ᠣᠴᠢᠵᠤ ᠠᠵᠢᠭᠯᠠᠶ᠎ᠠ ᠪᠠᠢᠵᠠ᠂
ᠪᠣᠭᠣᠷᠰᠣᠭ ᠤ᠋ᠨ ᠱᠦᠭᠦᠷᠦᠨ ᠰᠢᠨᠠᠭ᠎ᠠ ᠪᠠᠷ ᠪᠠᠰᠠ
ᠪᠣᠷᠭᠢᠶ᠎ᠠ ᠭᠣᠣᠯ ᠢ᠋ ᠰᠠᠮᠤᠷᠤᠶ᠎ᠠ ᠪᠠᠢᠵᠠ

ᠬᠡᠯᠲᠡᠷᠬᠡᠢ ᠴᠦ᠍ ᠣᠯᠵᠤ ᠠᠪᠤᠪᠠᠯ
ᠬᠡᠴᠢᠨᠡᠨ ᠭᠣᠶᠣ ᠪᠣᠢ? ᠬᠡᠦᠬᠡᠳ ᠦ᠋ᠳ ᠠ᠋!
ᠬᠡᠷᠪᠡ ᠪᠢ ᠰᠠᠨᠠᠭᠰᠠᠨ ᠳ᠋ᠠᠭᠠᠨ ᠬᠦᠷᠪᠡᠯ
ᠬᠡᠯᠡᠨ᠎ᠡ ᠠ᠋᠂ ᠲᠠ ᠨᠠᠷ ᠲᠠᠭᠠᠨ! ᠨᠠᠢᠵᠠ ᠨᠤᠭᠤᠳ ᠠ᠋᠂

ᠥᠴᠥᠭᠡᠳᠦᠷ ᠣᠷᠣᠢ ᠤᠨᠲᠠᠬᠤ ᠶ᠋ᠢᠨ ᠦᠶ᠎ᠡ ᠪᠡᠷ
ᠡᠷᠦᠬᠡᠨ ᠳᠡᠭᠡᠷ᠎ᠡ ᠭᠢᠯᠲᠠᠭᠠᠨᠠᠵᠤ ᠪᠠᠢᠭᠰᠠᠨ
ᠥᠴᠢᠨᠡᠨ ᠣᠯᠠᠨ ᠣᠳᠣ
ᠥᠨᠥ ᠥᠷᠯᠥᠭᠡ ᠬᠠᠮᠢᠭ᠎ᠠ ᠣᠷᠣᠴᠢᠬᠠᠪᠠ?
               1990 ᠣᠨ 

   ᠦᠰᠦᠭ ᠠᠮᠢᠯᠠᠭᠤᠯᠤᠭᠴᠢ᠄ ᠭᠡᠷᠡᠯ
   ᠬᠢᠨᠠᠭᠴᠢ ᠪᠠᠭᠰᠢ᠄ ᠣᠳᠬᠠᠨᠰᠣ᠎ᠠ