ᠤᠯᠠᠭᠠᠨ ᠦᠨᠳᠦᠰᠦУлаан үндэсUlaan ündes


ᠤᠯᠠᠭᠠᠨ ᠦᠨᠳᠦᠰᠦ
ᠲᠤᠰ ᠡᠮ ᠪᠣᠯ ᠤᠷᠤᠭᠤᠯ ᠬᠡᠯᠪᠡᠷᠢᠲᠦ ᠴᠡᠴᠡᠭ ᠦ᠋ᠨ ᠢᠵᠠᠭᠤᠷ ᠤ᠋ᠨ ᠤᠷᠭᠤᠮᠠᠯ ᠪᠣᠯᠬᠤ ᠤᠯᠠᠭᠠᠨ ᠦᠨᠳᠦᠰᠦ ᠶ᠋ᠢᠨ ᠬᠠᠲᠠᠭᠠᠭᠰᠠᠨ ᠦᠨᠳᠦᠰᠦ ᠪᠣᠯᠤᠨ ᠦᠨᠳᠦᠰᠦᠯᠢᠭ ᠡᠰᠢ ᠮᠥᠨ᠃ ᠪᠠᠰᠠ ᠷᠸᠭᠤᠨ᠂ ᠷᠸᠭᠤᠨᠪᠠ ᠭᠡᠳᠡᠭ᠃
[ᠤᠤᠯ ᠤᠷᠭᠤᠮᠠᠯ] ᠣᠯᠠᠨ ᠨᠠᠰᠤᠲᠤ ᠡᠪᠡᠰᠦᠯᠢᠭ ᠤᠷᠭᠤᠮᠠᠯ᠃40—80cm ᠥᠨᠳᠥᠷ᠂ ᠪᠦᠬᠦ ᠪᠡᠶ᠎ᠡ ᠳ᠋ᠦ᠍ ᠨᠢ ᠨᠢᠭ ᠵᠥᠭᠡᠯᠡᠨ ᠦᠰᠦ ᠲᠡᠢ᠂ ᠡᠰᠢ ᠨᠢ ᠰᠢᠯᠤᠭᠤᠨ᠂ ᠣᠯᠠᠨ ᠰᠠᠯᠠᠭ᠎ᠠ ᠲᠠᠢ᠃ ᠰᠣᠨᠳᠣᠭᠣᠢ ᠥᠳᠥᠯᠢᠭ ᠨᠡᠢᠯᠡᠮᠡᠯ ᠨᠠᠪᠴᠢ ᠨᠢ3—7 ᠵᠢᠵᠢᠭ ᠨᠠᠪᠴᠢ ᠲᠠᠢ ᠪᠥᠭ᠃ᠡᠳ ᠣᠷᠣᠢ ᠳᠡᠭᠡᠷᠡᠬᠢ ᠵᠢᠵᠢᠭ ᠨᠠᠪᠴᠢ ᠨᠢ ᠨᠡᠯᠢᠶᠡᠳ ᠲᠣᠮᠣ᠂ ᠥᠨᠳᠡᠭᠡᠯᠵᠢᠨ ᠪᠤᠶᠤ ᠵᠤᠤᠪᠠᠩᠯᠢᠭ ᠥᠨᠳᠡᠭᠡᠯᠵᠢᠨ ᠬᠡᠯᠪᠡᠷᠢ ᠲᠡᠢ᠂1.5—8cm ᠤᠷᠲᠤ᠂0.8—5cm ᠥᠷᠭᠡᠨ᠂ ᠮᠤᠬᠤᠷ ᠦᠵᠦᠭᠦᠷ ᠲᠡᠢ᠂ ᠥᠷᠭᠡᠨ ᠱᠠᠭᠠᠳᠠᠭ ᠤᠭ ᠲᠠᠢ᠂ ᠲᠣᠭᠣᠷᠢᠭ ᠬᠢᠷᠥᠭᠡᠨ ᠰᠢᠳᠦᠲᠦ ᠬᠥᠪᠡᠭᠡ ᠲᠡᠢ᠂ ᠬᠣᠶᠠᠷ ᠲᠠᠯ᠎ᠠ ᠳ᠋ᠤᠨᠢ ᠪᠦᠷ ᠦᠰᠦ ᠲᠡᠢ᠂ ᠳᠤᠭᠤᠢᠷᠠᠨ ᠤᠷᠭᠤᠬᠤ ᠴᠣᠮᠬᠠᠨ ᠪᠠᠭ ᠴᠡᠴᠡᠭ ᠨᠢ ᠡᠰᠢᠨ ᠦ᠌ ᠣᠷᠣᠢ ᠪᠤᠶᠤ ᠨᠠᠪᠴᠢᠨ ᠰᠤᠭᠤ ᠠ᠋ᠴᠠ ᠤᠷᠭᠤᠵᠤ᠂ ᠣᠯᠠᠨ ᠬᠦᠢᠰ ᠴᠡᠴᠡᠭ ᠳᠡᠯᠭᠡᠷᠡᠨ᠎ᠡ᠃ ᠣᠯᠠᠨ ᠳᠤᠭᠤᠢᠷᠠᠨ ᠤᠷᠭᠤᠬᠤ ᠴᠣᠮᠬᠠᠨ ᠪᠠᠭ ᠴᠡᠴᠡᠭ ᠨᠡᠢᠯᠡᠭᠡᠳ ᠴᠠᠴᠤᠭ ᠬᠡᠯᠪᠡᠷᠢᠲᠦ ᠪᠠᠭ ᠴᠡᠴᠡᠭ ᠪᠦᠷᠢᠯᠳᠦᠨ᠎ᠡ᠃ ᠨᠢᠭ ᠪᠤᠯᠴᠢᠷᠬᠠᠢ ᠦᠰᠦ ᠬᠢᠭᠡᠳ ᠤᠷᠲᠤ ᠵᠥᠭᠡᠯᠡᠨ ᠦᠰᠦ ᠲᠡᠢ᠃ ᠵᠢᠵᠢᠭ ᠪᠠᠭᠯᠠᠭᠴᠢ ᠢᠯᠲᠠᠰᠤ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠪᠤᠯᠴᠢᠷᠬᠠᠢ ᠦᠰᠦ ᠲᠡᠢ᠃ ᠴᠡᠴᠡᠭ ᠦ᠋ᠨ ᠲᠣᠭᠳᠣᠢ ᠬᠤᠩᠬ᠎ᠠ ᠬᠡᠯᠪᠡᠷᠢ ᠲᠡᠢ᠂1—1.3cm ᠤᠷᠲᠤ᠂ ᠦᠵᠦᠭᠦᠷ ᠨᠢ ᠬᠣᠣᠰ ᠤᠷᠤᠭᠤᠯ ᠬᠡᠯᠪᠡᠷᠢ ᠲᠡᠢ᠂ ᠴᠡᠴᠡᠭ ᠦ᠋ᠨ ᠬᠣᠭᠣᠯᠠᠢ ᠶ᠋ᠢᠨ ᠪᠠᠭᠠᠯᠵᠠᠭᠤᠷ ᠤ᠋ᠨ ᠬᠡᠰᠡᠭ ᠲᠦ᠍ ᠴᠠᠭᠠᠨ ᠨᠢᠭ ᠵᠥᠭᠡᠯᠡᠨ ᠦᠰᠦ ᠲᠡᠢ᠃ ᠴᠡᠴᠡᠭ ᠦ᠋ᠨ ᠳᠡᠯᠪᠢ ᠨᠢ ᠬᠥᠬᠡᠪᠲᠦᠷ ᠪᠣᠷᠣ᠂ ᠬᠣᠣᠰ ᠤᠷᠤᠭᠤᠯ ᠲᠠᠢ᠃2—2.7cm ᠤᠷᠲᠤ᠂ ᠴᠡᠴᠡᠭ ᠦ᠋ᠨ ᠳᠡᠯᠪᠢ ᠶ᠋ᠢᠨ ᠬᠣᠭᠣᠯᠠᠢ ᠳᠣᠲᠣᠷ᠎ᠠ ᠦᠰᠦᠨ ᠴᠠᠭᠠᠷᠢᠭ ᠲᠠᠢ᠂ ᠳᠡᠭᠡᠷ᠎ᠡ ᠤᠷᠤᠭᠤᠯ ᠨᠢ ᠬᠠᠳᠤᠭᠤᠷ ᠬᠡᠯᠪᠡᠷᠢ ᠲᠡᠢ᠂ ᠳᠣᠣᠷ᠎ᠠ ᠤᠷᠤᠭᠤᠯ ᠨᠢ ᠳᠡᠭᠡᠷ᠎ᠡ ᠤᠷᠤᠭᠤᠯ ᠠ᠋ᠴᠠ ᠨᠢ ᠣᠬᠣᠷ᠂3 ᠰᠡᠵᠢᠭᠦᠷ ᠲᠡᠢ᠂ ᠳᠤᠮᠳᠠᠬᠢ ᠰᠡᠵᠢᠭᠦᠷ ᠨᠢ ᠨᠡᠯᠢᠶᠡᠳ ᠲᠣᠮᠣ᠃2 ᠡᠷ᠎ᠡ ᠲᠣᠭᠣᠷᠴᠣᠭ ᠲᠠᠢ ᠪᠥᠭᠡᠳ ᠳᠣᠣᠷ᠎ᠠ ᠤᠷᠤᠭᠤᠯ ᠤ᠋ᠨ ᠳᠤᠮᠳᠠ ᠠ᠋ᠴᠠ ᠳᠣᠣᠷ᠎ᠠ ᠬᠡᠰᠡᠭ ᠲᠦ᠍ ᠤᠷᠭᠤᠨ᠎ᠠ᠃5—8 ᠰᠠᠷ᠎ᠠ ᠳ᠋ᠤ᠌ ᠴᠡᠴᠡᠭᠯᠡᠵᠦ᠂8—9 ᠰᠠᠷ᠎ᠠ ᠳ᠋ᠤ᠌ ᠵᠢᠮᠢᠰᠯᠡᠨ᠎ᠡ᠃
[ᠤᠷᠭᠤᠬᠤ ᠣᠷᠴᠢᠨ ᠬᠢᠭᠡᠳ ᠲᠠᠷᠬᠠᠴᠠ] ᠠᠭᠤᠯᠠ ᠶ᠋ᠢᠨ ᠬᠠᠵᠠᠭᠤ ᠶ᠋ᠢᠨ ᠵᠦᠯᠭᠡ᠂ ᠣᠢ ᠳᠣᠲᠣᠷ᠎ᠠ ᠪᠤᠶᠤ ᠭᠣᠷᠣᠬ᠎ᠠ ᠶ᠋ᠢᠨ ᠬᠥᠪᠡᠭᠡ ᠪᠡᠷ ᠤᠷᠭᠤᠨ᠎ᠠ᠃ ᠯᠢᠶᠣᠤᠨᠢᠩ᠂ ᠾᠧᠪᠧᠢ᠂ ᠾᠧᠨᠠᠨ᠂ ᠱᠠᠨᠳᠦ᠋ᠩ᠂ ᠱᠠᠨᠰᠢ᠂ ᠵᠢᠶᠠᠩᠰᠦ᠂ ᠠᠨᠾᠦ᠋ᠢ᠂ ᠵᠧᠵᠢᠶᠠᠩ᠂ ᠵᠢᠶᠠᠩᠰᠢ᠂ ᠬᠤᠪᠧᠢ᠂ ᠬᠤᠨᠠᠨ᠂ ᠹᠦᠵᠢᠶᠠᠨ᠂ ᠭᠤᠸᠠᠩᠳ᠋ᠦ᠋ᠩ᠂ ᠭᠤᠸᠠᠩᠰᠢ᠂ ᠱᠠᠨ ᠰᠢ᠂ ᠨᠢᠩᠰᠢᠶᠠ᠂ ᠭᠠᠨᠰᠦ᠂ ᠰᠧᠴᠤᠸᠠᠨ᠂ ᠭᠦᠢᠵᠧᠦ ᠵᠡᠷᠭᠡ ᠮᠣᠵᠢ ᠣᠷᠣᠨ ᠢ᠋ᠶ᠋ᠠᠷ ᠲᠠᠷᠬᠠᠴᠠ ᠲᠠᠢ᠃
[ᠲᠡᠭᠦᠵᠦ ᠪᠣᠯᠪᠠᠰᠤᠷᠠᠭᠤᠯᠬᠤ] ᠨᠠᠮᠤᠷ ᠦᠨᠳᠦᠰᠦ ᠶ᠋ᠢ ᠨᠢ ᠮᠠᠯᠲᠠᠨ ᠠᠪᠴᠤ ᠡᠰᠢ᠂ ᠨᠠᠪᠴᠢ᠂ ᠰᠠᠬᠠᠯ ᠦᠨᠳᠦᠰᠦ ᠪᠠ ᠰᠢᠪᠠᠷ ᠰᠢᠷᠣᠢ ᠶ᠋ᠢ ᠨᠢ ᠠᠷᠢᠯᠭᠠᠭᠠᠳ ᠨᠠᠷᠠᠨ ᠳ᠋ᠤ᠌ ᠬᠠᠲᠠᠭᠠᠨ᠎ᠠ᠃
[ᠠᠮᠲᠠ᠂ ᠴᠢᠨᠠᠷ᠂ ᠡᠷᠳᠡᠮ] ᠭᠠᠰᠢᠭᠤᠨ ᠠᠮᠲᠠ ᠲᠠᠢ᠂ ᠰᠡᠷᠢᠭᠦᠨ᠂ ᠴᠢᠨᠠᠷ ᠲᠠᠢ᠂ ᠰᠢᠷᠦᠭᠦᠨ᠂ ᠬᠥᠩᠭᠡᠨ᠂ ᠮᠣᠬᠣᠳᠠᠭ ᠡᠷᠳᠡᠮ ᠲᠡᠢ᠃
[ᠴᠢᠳᠠᠯ ᠪᠠ ᠭᠣᠣᠯᠳᠠᠭᠤ ᠵᠠᠰᠠᠬᠤ] ᠴᠢᠰᠤᠨ ᠬᠠᠯᠠᠭᠤᠨ ᠢ᠋ ᠠᠷᠢᠯᠭᠠᠵᠤ᠂ ᠮᠠᠭᠤ ᠴᠢᠰᠤ ᠶ᠋ᠢ ᠬᠠᠲᠠᠭᠠᠬᠤ᠂ ᠰᠠᠭᠤᠯᠭᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠪᠣᠷᠣ ᠶ᠋ᠢᠨ ᠬᠠᠯᠠᠭᠤᠨ᠂ ᠰᠤᠳᠠᠯ ᠤ᠋ᠨ ᠬᠠᠯᠠᠭᠤᠨ᠂ ᠡᠯᠢᠭᠡᠨ ᠴᠢᠰᠤ ᠳᠡᠯᠭᠡᠷᠡᠭᠰᠡᠨ ᠪᠣᠷᠣ ᠡᠪᠡᠳᠴᠢᠨ᠂ ᠬᠥᠬᠥᠨ ᠬᠠᠪᠤᠳᠠᠷ᠂ ᠰᠠᠷ᠎ᠠ ᠶ᠋ᠢᠨ ᠭᠬᠢᠷ ᠲᠡᠭᠰᠢ ᠦᠭᠡᠢ᠂ ᠬᠠᠯᠠᠭᠤᠨ ᠢ᠋ᠶ᠋ᠠᠷ ᠰᠠᠭᠤᠯᠭᠠᠬᠤ᠂ ᠬᠢᠮᠤᠷᠠᠭᠰᠠᠨ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄丹参
ᠠᠩᠭ᠌ᠯᠢ ᠨᠡᠷ᠎ᠡ᠄SaLuia maLtaorrhiza Bge.
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠥᠯᠵᠢᠢᠪᠠᠭᠠᠲᠤᠷ
