ᠴᠡᠴᠡᠭᠡᠨ ᠴᠠᠭ- ᠱᠠᠷᠠᠪ ᠤ᠋ᠨ ᠪᠠᠳᠠᠷᠴᠢЦэцгэн цаг-Шаравын Бэдэрч
ᠱᠠᠷᠠᠪ ᠤ᠋ᠨ ᠪᠠᠳᠠᠷᠴᠢ
ᠢᠳᠡᠷ ᠠ᠋᠂ ᠴᠡᠴᠡᠭ ᠴᠢᠮ᠎ᠠ ᠠ᠋ᠴᠠ
ᠢᠯᠡᠭᠦᠦ ᠡᠷᠲᠡ ᠰᠠᠷᠠᠨ᠎ᠠ
ᠪᠠᠭᠪᠠᠭᠠᠢ ᠴᠡᠴᠡᠭ ᠴᠦ᠍ ᠭᠡᠰᠡᠨ
ᠪᠠᠰᠠ ᠯᠠ ᠴᠢᠮ᠎ᠠ ᠠ᠋ᠴᠠ ᠲᠥᠷᠥᠭᠦᠯᠦᠨ᠎ᠡ
ᠨᠠᠮᠠᠭᠤ ᠴᠡᠴᠡᠭ ᠯᠠ ᠬᠠᠷᠢᠨ
ᠨᠠᠷᠠ ᠲᠠᠢ ᠤᠷᠤᠯᠳᠤᠨ ᠥᠨᠳᠡᠢᠨ᠎ᠡ
ᠨᠠᠷᠠᠨ ᠴᠡᠴᠡᠭ ᠦ᠋ᠨ ᠳᠡᠯᠪᠢᠭᠡ ᠯᠡ
ᠨᠠᠳᠠ ᠲᠠᠢ ᠡᠳᠦᠷᠵᠢᠨ ᠲᠣᠭᠯᠠᠨ᠎ᠠ᠃
ᠴᠠᠭ ᠤ᠋ᠨ ᠵᠡᠭᠦᠦ ᠰᠢᠭ
ᠴᠡᠴᠡᠭ ᠦ᠋ᠨ ᠴᠣᠮᠣᠷᠯᠢᠭ
ᠨᠢᠭᠡ ᠨᠢ ᠨᠡᠭᠡᠭᠡᠭᠳᠡᠵᠦ ᠨᠥᠭᠦᠭᠡ ᠨᠢ ᠬᠤᠮᠢᠭᠳᠠᠨᠠ
ᠴᠠᠰᠤ ᠴᠠᠭᠠᠨ
ᠴᠠᠰ ᠤᠯᠠᠭᠠᠨ
ᠥᠩᠭᠡ ᠶ᠋ᠢᠨ ᠳᠡᠯᠪᠢᠭᠡ ᠨᠦ᠍ᠭᠦᠳ
ᠡᠳᠦᠷᠵᠢᠨ ᠴᠠᠭ ᠬᠡᠮᠵᠢᠨ᠎ᠡ
ᠨᠠᠪᠴᠢᠨ ᠵᠡᠭᠦᠦ ᠪᠡᠨ
ᠨᠠᠷᠠᠨ ᠵᠦᠭ ᠵᠢᠭᠠᠵᠤ
ᠳᠡᠯᠪᠢᠭᠡ ᠮᠡᠯᠮᠡᠢ ᠪᠡᠨ
ᠳᠡᠭᠡᠭᠰᠢ ᠨᠢ ᠡᠷᠭᠦᠨ᠎ᠡ᠃
ᠡᠩᠬᠦᠷᠡᠢ ᠵᠢᠭᠠᠬᠠᠨ ᠴᠡᠴᠡᠭ ᠦ᠋ᠳ
ᠡᠭᠡᠯᠵᠢᠯᠡᠨ ᠢᠨᠢᠶᠡᠮᠰᠦᠭᠯᠡᠨ ᠤᠨᠲᠠᠨ᠎ᠠ
ᠴᠠᠩ ᠴᠠᠩ ᠢ᠋ᠶ᠋ᠠᠷ ᠴᠣᠬᠢᠯᠠᠬᠤ
ᠴᠡᠴᠡᠭᠡᠨ ᠴᠠᠭ ᠲᠡᠷᠡ ᠰᠢᠦ
ᠪᠥᠩ ᠪᠥᠩ ᠪᠥᠮᠪᠥᠷᠢᠵᠦ
ᠪᠦᠭᠦᠳᠡ ᠶ᠋ᠢ ᠲᠡᠷᠡ ᠰᠡᠷᠡᠭᠡᠨᠡ ᠰᠢᠦ
1990 ᠣᠨ
ᠦᠰᠦᠭ ᠠᠮᠢᠯᠠᠭᠤᠯᠤᠭᠴᠢ᠄ ᠪᠠᠶᠠᠨᠴᠡᠴᠡᠭ
ᠬᠢᠨᠠᠭᠴᠢ ᠪᠠᠭᠰᠢ᠄ ᠰᠡᠬᠡᠭᠡᠷᠡᠯ᠂ ᠣᠳᠬᠠᠨᠰᠣ᠎ᠠ
