ᠳᠡᠪᠡᠯ- ᠵᠠᠮᠪᠠᠯᠵᠠᠮᠰᠤ ᠶ᠋ᠢᠨ ᠲᠡᠮᠦᠷᠲᠣᠭᠣᠭ᠎ᠠ Дээл-Жамбалжамцын Төмөртогоо ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠪᠡᠯ- ᠵᠠᠮᠪᠠᠯᠵᠠᠮᠰᠤ ᠶ᠋ᠢᠨ ᠲᠡᠮᠦᠷᠲᠣᠭᠣᠭ᠎ᠠ Дээл-Жамбалжамцын Төмөртогоо

ᠳᠡᠪᠡᠯ- ᠵᠠᠮᠪᠠᠯᠵᠠᠮᠰᠤ ᠶ᠋ᠢᠨ ᠲᠡᠮᠦᠷᠲᠣᠭᠣᠭ᠎ᠠ Дээл-Жамбалжамцын Төмөртогоо

2024-08-25

727

         ᠵᠠᠮᠪᠠᠯᠵᠠᠮᠰᠤ ᠶ᠋ᠢᠨ ᠲᠡᠮᠦᠷᠲᠣᠭᠣᠭ᠎ᠠ 
ᠥᠨᠳᠥᠷ ᠠᠭᠤᠯᠠ ᠶ᠋ᠢᠨ ᠥᠷᠭᠡᠨ ᠲᠠᠯ᠎ᠠ ᠶ᠋ᠢᠨ 
ᠡᠮᠦᠰᠬᠦ ᠳᠡᠪᠡᠯ ᠢ᠋ ᠥᠩᠭᠡ ᠶ᠋ᠢᠨ ᠭᠣᠶᠣᠯᠠᠯ ᠢ᠋ 
ᠬᠡᠨ ᠣᠶᠣᠳᠠᠭ ᠪᠣᠢ!?
ᠬᠡᠨ ᠤᠷᠠᠯᠠᠳᠠᠭ ᠪᠣᠢ?
ᠥᠨᠳᠥᠷ ᠠᠭᠤᠯᠠ 
ᠥᠷᠭᠡᠨ ᠲᠠᠯ᠎ᠠ 
ᠴᠠᠰᠤᠨ ᠴᠠᠭᠠᠨ ᠳᠠᠬᠤ ᠪᠠᠨ 
ᠴᠠᠭ ᠤ᠋ᠨ ᠬᠦᠢᠲᠡᠨ ᠳ᠋ᠦ᠍ ᠨᠥᠮᠥᠷᠬᠦ ᠶᠦᠮ 
ᠥᠨᠳᠥᠷ ᠠᠭᠤᠯᠠ
ᠥᠷᠭᠡᠨ ᠲᠠᠯ᠎ᠠ
ᠡᠷᠢᠶᠡᠨ ᠴᠡᠴᠡᠭ ᠦ᠋ᠨ ᠴᠢᠮᠡᠭ ᠢ᠋ᠶ᠋ᠡᠨ
ᠡᠨᠳᠡ ᠲᠡᠨᠳᠡ ᠪᠡᠨ ᠬᠠᠳᠬᠤᠬᠤ ᠶᠤᠮ
ᠥᠨᠳᠥᠷ ᠠᠭᠤᠯᠠ
ᠥᠷᠭᠡᠨ ᠲᠠᠯ᠎ᠠ
ᠴᠠᠪ ᠴᠠᠭᠠᠨ
ᠨᠣᠮᠢᠨ ᠨᠣᠭᠣᠭᠠᠨ
ᠬᠠᠯᠢᠭᠤᠨ ᠰᠢᠷᠭᠠᠯ ᠬᠠᠷᠠᠯᠠᠩ ᠡᠷᠢᠶᠡᠨ
ᠳᠥᠷᠪᠡᠨ ᠥᠭᠡᠷ᠎ᠡ ᠳᠡᠪᠡᠯ ᠲᠡᠢ
ᠳᠥᠷᠪᠡᠨ ᠥᠩᠭᠡ ᠶ᠋ᠢᠨ ᠭᠣᠶᠣᠯᠠᠯ ᠲᠠᠢ
ᠥᠨᠳᠥᠷ ᠠᠭᠤᠯᠠ ᠶ᠋ᠢᠨ
ᠥᠷᠭᠡᠨ ᠲᠠᠯ᠎ᠠ ᠶ᠋ᠢᠨ
ᠳᠥᠷᠪᠡᠨ ᠥᠭᠡᠷ᠎ᠡ
ᠳᠡᠪᠡᠯ ᠢ᠋ ᠳᠥᠷᠪᠡᠨ ᠥᠩᠭᠡ ᠶ᠋ᠢᠨ ᠭᠣᠶᠣᠯᠠᠯ ᠢ᠋
ᠬᠠᠪᠤᠷ᠂ ᠵᠤᠨ᠂ ᠨᠠᠮᠤᠷ᠂ ᠡᠪᠦᠯ

ᠡᠭᠡᠯᠵᠢᠯᠡᠬᠦ ᠳᠥᠷᠪᠡᠨ ᠤᠯᠠᠷᠢᠯ
ᠬᠠᠯᠠᠭᠤᠨ᠂ ᠬᠦᠢᠲᠡᠨ᠂ ᠰᠡᠷᠢᠭᠦᠨ ᠂ ᠲᠤᠩᠭᠠᠯᠠᠭ
ᠡᠷᠭᠢᠬᠦ ᠳᠥᠷᠪᠡᠨ ᠤᠯᠠᠷᠢᠯ
ᠣᠶᠣᠳᠠᠭ ᠪᠠᠢᠨ᠎ᠠ
ᠤᠷᠠᠯᠠᠳᠠᠭ ᠪᠠᠢᠨ᠎ᠠ

     1985 ᠣᠨ

   ᠦᠰᠦᠭ ᠠᠮᠢᠯᠠᠭᠤᠯᠤᠭᠴᠢ᠄ ᠸᠠᠩ᠂ ᠪᠠᠳᠮ᠎ᠠ
   ᠬᠢᠨᠠᠭᠴᠢ᠄ ᠣᠳᠬᠠᠨᠰᠣ᠎ᠠ᠂ ᠰᠡᠬᠡᠭᠡᠷᠡᠯ