ᠵᠡᠭᠦᠳᠦ-ᠲᠠᠸᠠᠰᠥ᠋ᠷᠦᠩ ᠦ᠋ᠨ ᠴᠢᠩᠵᠣᠷᠢᠭЗүүд-Давасүрэнгийн Чанзориг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦ-ᠲᠠᠸᠠᠰᠥ᠋ᠷᠦᠩ ᠦ᠋ᠨ ᠴᠢᠩᠵᠣᠷᠢᠭЗүүд-Давасүрэнгийн Чанзориг

ᠵᠡᠭᠦᠳᠦ-ᠲᠠᠸᠠᠰᠥ᠋ᠷᠦᠩ ᠦ᠋ᠨ ᠴᠢᠩᠵᠣᠷᠢᠭЗүүд-Давасүрэнгийн Чанзориг

2024-08-25

266

      ᠲᠠᠸᠠᠰᠥ᠋ᠷᠦᠩ ᠦ᠋ᠨ ᠴᠢᠩᠵᠣᠷᠢᠭ 
ᠪᠦᠷᠦᠩᠬᠦᠢ ᠪᠣᠯᠵᠤ 
ᠣᠳᠣᠳ ᠲᠦᠭᠡᠬᠦ ᠳ᠋ᠦ᠍ 
ᠪᠦᠭᠦᠳᠡ ᠯᠡ ᠯᠠᠪ 
ᠵᠡᠭᠦᠳᠦᠯᠡᠳᠡᠭ ᠪᠠᠢᠬ᠎ᠠ 

ᠠᠪᠤ ᠨᠠᠷ ᠯᠠᠪ 
ᠰᠣᠨᠢᠨ ᠤᠩᠰᠢᠵᠤ ᠪᠠᠢᠨ᠎ᠠ ᠭᠡᠵᠦ 
ᠵᠡᠭᠦᠳᠦᠯᠡᠳᠡᠭ ᠪᠠᠢᠬ᠎ᠠ 
ᠡᠵᠢ ᠨᠠᠷ ᠬᠠᠷᠢᠨ 

ᠬᠣᠭᠣᠯᠠ ᠬᠢᠵᠦ ᠪᠠᠢᠨ᠎ᠠ ᠭᠡᠵᠦ ᠵᠡᠭᠦᠳᠦᠯᠡᠳᠡᠭ ᠪᠠᠢᠬ᠎ᠠ 
ᠡᠪᠦᠭᠡ ᠠᠪᠤ 
ᠠᠳᠤᠭᠤ ᠮᠠᠨᠠᠵᠤ ᠪᠠᠢᠨ᠎ᠠ ᠭᠡᠵᠦ 

ᠵᠡᠭᠦᠳᠦᠯᠡᠳᠡᠭ ᠪᠠᠢᠬ᠎ᠠ 
ᠡᠮᠡᠭᠡ ᠡᠵᠢ 
ᠦᠨᠢᠶ᠎ᠡ ᠪᠡᠨ ᠰᠠᠭᠠᠵᠤ ᠪᠠᠢᠨ᠎ᠠ ᠭᠡᠵᠦ
ᠵᠡᠭᠦᠳᠦᠯᠡᠳᠡᠭ ᠪᠠᠢᠬ᠎ᠠ

ᠪᠠᠶᠠᠷ᠎ᠠ ᠨᠠᠢᠵᠠ ᠮᠢᠨᠢ
ᠪᠥᠮᠪᠥᠭᠡ ᠢᠰᠬᠦᠯᠵᠦ ᠪᠠᠢᠨ᠎ᠠ ᠭᠡᠵᠦ
ᠵᠡᠭᠦᠳᠦᠯᠡᠳᠡᠭ ᠪᠠᠢᠬ᠎ᠠ
ᠣᠶᠣᠨ᠎ᠠ ᠥᠬᠢᠨ
《ᠣᠨᠴᠠ》 ᠠᠪᠤᠯ᠎ᠠ ᠭᠡᠵᠦ
ᠵᠡᠭᠦᠳᠦᠯᠡᠳᠡᠭ ᠪᠠᠢᠬ᠎ᠠ᠃
ᠠᠮᠢᠲᠠᠳ ᠬᠠᠷᠢᠨ
ᠠᠮᠤᠭᠤᠯᠠᠩ ᠨᠣᠢᠷ ᠲᠠᠭᠠᠨ
ᠶᠠᠭᠤ ᠵᠡᠭᠦᠳᠦᠯᠡᠳᠡᠭ ᠪᠣᠯ?
ᠰᠠᠷᠠᠯ ᠴᠢᠨᠣ᠎ᠠ ᠯᠠ ᠯᠠᠪ
ᠰᠡᠷᠭᠦᠯᠡᠩ ᠲᠠᠤᠯᠠᠢ ᠶ᠋ᠢ
ᠪᠠᠷᠢᠯ᠎ᠠ ᠭᠡᠵᠦ ᠵᠡᠭᠦᠳᠦᠯᠡᠳᠡᠭ ᠪᠠᠢᠬ᠎ᠠ

ᠬᠦᠷᠡᠩ ᠪᠠᠭᠠᠪᠠᠭᠠᠢ
ᠵᠥᠭᠡᠢ ᠶ᠋ᠢᠨ ᠪᠠᠯ
ᠢᠳᠡᠵᠦ ᠪᠠᠢᠨ᠎ᠠ ᠭᠡᠵᠦ ᠵᠡᠭᠦᠳᠦᠯᠡᠳᠡᠭ ᠪᠠᠢᠬ᠎ᠠ
ᠵᠡᠭᠡᠷᠳᠡ ᠤᠨᠠᠭ᠎ᠠ ᠬᠠᠷᠢᠨ
ᠨᠠᠭᠠᠳᠤᠮ ᠳ᠋ᠤ᠌ ᠲᠡᠷᠢᠭᠦᠯᠡᠯ᠎ᠡ ᠭᠡᠵᠦ
ᠵᠡᠭᠦᠳᠦᠯᠡᠳᠡᠭ ᠪᠠᠢᠬ᠎ᠠ᠃
ᠪᠦᠷᠦᠢ ᠪᠣᠯᠵᠤ
ᠣᠳᠣᠳ ᠲᠦᠭᠡᠮᠡᠭᠴᠡ
ᠪᠦᠬᠦᠢᠯᠡ ᠠᠮᠢᠲᠠᠨ
ᠵᠡᠭᠦᠳᠦᠯᠡᠳᠡᠭ ᠪᠠᠢᠬ᠎ᠠ᠂
ᠬᠠᠷᠢᠨ ᠪᠢ
ᠶᠠᠭᠤ ᠵᠡᠭᠦᠳᠦᠯᠡᠳᠡᠭ ᠪᠣᠯ?

   1984 ᠣᠨ

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠰᠡᠬᠡᠭᠡᠷᠡᠯ᠂ ᠣᠳᠬᠠᠨᠰᠣ᠎ᠠ