ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠨᠠᠢ᠍ᠮᠠ) Сэрүүхэн тал нутаг–<свис> Вальтер Босгард (Walter Bosshard)- Дөрөвдүгээр бөлөг 8 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠨᠠᠢ᠍ᠮᠠ) Сэрүүхэн тал нутаг–<свис> Вальтер Босгард (Walter Bosshard)- Дөрөвдүгээр бөлөг 8

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠨᠠᠢ᠍ᠮᠠ) Сэрүүхэн тал нутаг–<свис> Вальтер Босгард (Walter Bosshard)- Дөрөвдүгээр бөлөг 8

ᠠᠩᠭᠢᠯᠠᠯ:ᠲᠤᠭᠤᠵᠢ ᠷᠣᠮᠠᠨ
2024-08-24

328

ᠨᠠᠢ᠍ᠮᠠ ᠂ ᠬᠠᠨ᠎ᠠ ᠬᠠᠳᠠ ᠶ᠋ᠢᠨ ᠴᠠᠮ ᠪᠠ ᠨᠠᠭᠠᠳᠤᠮ


       ᠨᠢᠭᠡᠨ ᠣᠷᠣᠢ ᠨᠠᠮᠠᠶ᠋ᠢ ᠬᠥᠳᠡᠭᠡ ᠡᠴᠡ ᠬᠠᠷᠢᠵᠤ ᠢᠷᠡᠬᠦ ᠳ᠋ᠦ᠍ ᠭᠡᠷ ᠦ᠋ᠨ ᠡᠮᠦᠨ᠎ᠡ ᠮᠢᠨᠢ ᠨᠢᠭᠡ ᠮᠠᠰᠢᠨ ᠲᠡᠷᠭᠡ ᠵᠣᠭᠰᠣᠵᠤ ᠪᠠᠢᠯ᠎ᠠ᠃ ᠭᠦᠯᠦ ᠴᠠᠭᠠᠨ ᠳ᠋ᠠᠬᠢ ᠰᠸᠸᠳ᠋ᠸᠡ ᠶ᠋ᠢᠨ ᠱᠠᠰᠢᠨ ᠳᠡᠯᠭᠡᠷᠡᠭᠦᠯᠦᠭᠴᠢ ᠶ᠋ᠢᠨ ᠥᠷᠲᠡᠭᠡᠨ ᠦ᠌ ᠬᠢᠨ ᠨᠠᠢ᠍ᠮᠠ ᠶ᠋ᠢᠨ ᠠᠭᠤᠯᠠᠨ ᠳ᠋ᠤ᠌ ᠨᠢᠭᠡ ᠭᠠᠷᠠᠭ ᠤ᠋ᠨ ᠬᠤᠭᠤᠴᠠᠭ᠎ᠠ ᠲᠠᠢ ᠪᠠᠷ ᠠᠮᠠᠷᠠᠬᠤ ᠪᠠᠷ ᠢᠷᠡᠭᠰᠡᠨ ᠠᠵᠢ᠃ ᠡᠨᠡ ᠠᠮᠠᠷᠠᠯᠲᠠ ᠭᠡᠵᠦ ᠦᠨᠡᠬᠡᠷ ᠮᠠᠭᠤᠬᠠᠢ ᠲᠡᠭᠷᠢ ᠪᠡᠷ ᠡᠬᠢᠯᠡᠭᠰᠡᠨ ᠶᠦᠮ ᠠ᠋᠃ ᠪᠦᠲᠦᠨ ᠦᠳᠡᠰᠢ ᠪᠣᠯᠤᠨ ᠮᠠᠷᠭᠠᠰᠢ ᠶ᠋ᠢᠨ ᠬᠢᠨᠢ ᠦᠳᠡ ᠶ᠋ᠢᠨ ᠡᠮᠦᠨ᠎ᠡ ᠨᠢ ᠪᠣᠷᠣᠭᠠᠨ ᠴᠢᠳᠬᠤᠯᠠᠵᠤ᠂ ᠮᠠᠨᠠᠨ ᠪᠤᠳᠠᠩ ᠳᠣᠷᠣᠭᠰᠢ ᠪᠠᠨ ᠠᠭᠤᠯᠠ ᠶ᠋ᠢ ᠪᠦᠷᠬᠦᠲᠡᠯ᠎ᠡ ᠪᠠᠭᠤᠵᠤ᠂ ᠠᠷᠪᠠᠳᠤᠭᠠᠷ ᠰᠠᠷ᠎ᠠ ᠶ᠋ᠢᠨ ᠬᠦᠢᠲᠡᠨ ᠰᠢᠭ ᠪᠣᠯᠪᠠ᠃
       ᠪᠥᠬᠡᠵᠢᠵᠦ ᠬᠠᠲᠠᠭᠤᠵᠢᠭᠰᠠᠨ ᠰᠸᠸᠳ᠋ᠸᠡ ᠶ᠋ᠢᠨ ᠬᠥᠮᠦᠰ ᠡᠭᠦᠨ ᠢ᠋ ᠦᠯᠦ ᠠᠩᠵᠠᠭᠠᠷᠠᠵᠤ᠂ ᠪᠣᠷᠣᠭᠠᠨ ᠪᠠᠭ᠎ᠠ ᠵᠣᠭᠰᠣᠮᠠᠭᠴᠠ ᠰᠢᠷ᠎ᠠ ᠭᠡᠵᠢᠭᠡ ᠴᠡᠩᠬᠡᠷ ᠨᠢᠳᠦ ᠲᠡᠢ ᠬᠡᠦᠬᠡᠳ ᠦ᠋ᠳ ᠢ᠋ᠶ᠋ᠡᠨ ᠮᠠᠰᠢᠨ ᠳ᠋ᠠᠭᠠᠨ ᠰᠠᠭᠤᠯᠭᠠᠭᠠᠳ᠂ ᠮᠢᠨᠦ ᠨᠢᠭᠡ ᠤᠳᠠᠭᠠᠨ ᠤ᠋ ᠠᠶᠠᠯᠠᠯ ᠳ᠋ᠤ᠌ ᠢᠯᠡᠷᠡᠭᠦᠯᠦᠭᠰᠡᠨ ᠳᠦᠭᠦᠷᠲᠡᠯ᠎ᠡ ᠪᠤᠲᠠᠯᠢᠭ ᠤᠷᠭᠤᠮᠠᠯ ᠪᠠ ᠠᠩᠬᠢᠯᠤᠮ᠎ᠠ ᠴᠡᠴᠡᠭ ᠤᠷᠭᠤᠭᠰᠠᠨ ᠷᠣᠮᠠᠨᠲ᠋ᠢᠭ ᠰᠠᠢᠬᠠᠨ ᠳᠥᠭᠥᠮ ᠳ᠋ᠡᠬᠢ ᠠᠮᠠᠷᠠᠯᠲᠠ ᠶ᠋ᠢᠨ ᠭᠠᠵᠠᠷ ᠵᠦᠭ ᠬᠥᠳᠡᠯᠪᠡ᠃ ᠲᠡᠨᠳᠡ ᠲᠡᠳᠡ ᠠᠩᠭ᠌ᠯᠢ ᠮᠠᠶᠢᠭ ᠤ᠋ᠨ ᠮᠠᠢᠬᠠᠨ ᠢ᠋ᠶ᠋ᠠᠨ ᠰᠢᠭᠠᠮᠠᠭᠴᠠ᠂ ᠵᠠᠯᠠᠭᠤ ᠰᠸᠸᠳ᠋ᠸᠡ ᠨᠦ᠍ᠭᠦᠳ ᠤᠷᠤᠯᠳᠤᠭᠠᠨ ᠵᠠᠷᠯᠠᠨ ᠬᠠᠵᠠᠭᠤ ᠳ᠋ᠤ᠌ ᠪᠠᠢᠭ᠎ᠠ ᠬᠠᠳᠠᠳ ᠢ᠋ ᠠᠪᠠᠷᠢᠵᠤ ᠡᠬᠢᠯᠡᠯ᠎ᠡ᠃ ᠡᠳᠡᠨ ᠲᠡᠢ ᠬᠠᠮᠲᠤ ᠪᠠᠰᠠ ᠡᠵᠢ ᠠᠪᠤ ᠨᠢ ᠳᠡᠭᠡᠷᠡᠮ ᠳ᠋ᠦ᠍ ᠬᠥᠨᠥᠭᠡᠭᠳᠡᠭᠰᠡᠨ ᠬᠣᠶᠠᠷᠬᠠᠨ ᠨᠠᠰᠤᠲᠠᠢ ᠥᠨᠥᠴᠢᠨ ᠮᠣᠩᠭᠣᠯ ᠥᠬᠢᠨ ᠪᠠᠢᠪᠠ᠃ ᠬᠣᠶᠠᠷ ᠰᠤᠮᠤ ᠡᠨᠡ ᠶᠠᠯ᠎ᠠ ᠬᠢᠯᠢᠨᠴᠡ ᠦᠭᠡᠢ ᠬᠥᠭᠡᠷᠦᠬᠦᠨ ᠥᠬᠢᠨ ᠦ᠌ ᠬᠡᠪᠡᠷᠡᠭ ᠪᠡᠶ᠎ᠡ ᠶ᠋ᠢ ᠨᠡᠪᠲᠡᠯᠦᠨ ᠭᠠᠷᠤᠭᠠᠳ ᠱᠠᠰᠢᠨ ᠰᠤᠷᠲᠠᠯᠴᠢᠯᠠᠭᠴᠢ ᠰᠢᠷᠬᠠᠲᠠᠨ ᠢ᠋ ᠠᠪᠤᠷᠠᠬᠤ ᠪᠠᠷ ᠡᠳᠡᠨ ᠦ᠌ ᠬᠢᠨ ᠳ᠋ᠦ᠍ ᠬᠦᠷᠬᠦ ᠳ᠋ᠦ᠍ ᠬᠥᠰᠡᠷ ᠳᠡᠭᠡᠷ᠎ᠡ ᠬᠡᠪᠲᠡᠵᠦ ᠪᠠᠢᠵᠠᠢ᠃ ᠲᠡᠭᠦᠨ ᠦ᠌ ᠬᠦᠨᠳᠦ ᠰᠢᠷᠬ᠎ᠠ ᠶ᠋ᠢ ᠡᠳᠦᠷ ᠲᠤᠵᠢ ᠰᠠᠢᠨ ᠠᠰᠠᠷᠠᠨ ᠡᠮᠨᠡᠭᠦᠯᠬᠦ ᠬᠡᠷᠡᠭᠲᠡᠢ ᠲᠤᠯᠠ ᠲᠡᠳᠡ ᠡᠨᠡ ᠥᠨᠥᠴᠢᠨ ᠥᠬᠢᠨ ᠢ᠋ ᠥᠷᠲᠡᠭᠡᠨ ᠳ᠋ᠡᠭᠡᠨ ᠠᠪᠴᠢᠷᠠᠵᠤ ᠡᠮᠨᠡᠭᠦᠯᠦᠭᠰᠡᠭᠡᠷ ᠠᠮᠢ ᠨᠠᠰᠤᠨ ᠤ᠋ ᠠᠶᠤᠯ ᠦᠭᠡᠢ ᠪᠣᠯᠭᠠᠭᠰᠠᠨ ᠪᠠᠢᠨ᠎ᠠ᠃ ᠬᠢᠳᠤᠯᠭ᠎ᠠ ᠶ᠋ᠢᠨ ᠰᠥᠨᠢ ᠶ᠋ᠢᠨ ᠠᠶᠤᠯ ᠰᠣᠴᠢᠯ ᠨᠢ ᠡᠨᠡ ᠬᠡᠦᠬᠡᠳ ᠢ᠋ ᠮᠡᠨᠡᠭ ᠰᠢᠭ ᠪᠣᠯᠭᠠᠵᠠᠢ᠃ ᠲᠡᠷᠡ ᠪᠡᠷ ᠬᠡᠳᠦ ᠬᠡᠳᠦᠨ ᠴᠠᠭ ᠢ᠋ᠶ᠋ᠠᠷ ᠵᠦᠯᠭᠡᠨ ᠳᠡᠭᠡᠷ᠎ᠡ ᠰᠠᠭᠤᠵᠤ᠂ ᠲᠣᠮᠣ ᠪᠥᠭᠡᠳ ᠭᠣᠶᠣᠬᠠᠨ ᠮᠣᠢᠯ ᠬᠠᠷ᠎ᠠ ᠬᠥᠭᠡᠷᠦᠬᠦᠨ ᠨᠢᠳᠦ ᠪᠡᠷ ᠢ᠋ᠶ᠋ᠡᠨ ᠵᠥᠭᠡᠢ ᠪᠤᠶᠤ ᠡᠷᠪᠡᠬᠡᠢ ᠶ᠋ᠢ ᠰᠢᠷᠳᠡᠨ ᠪᠠᠢᠬᠤ ᠠᠵᠢ᠃ 
       ᠮᠣᠩᠭᠣᠯᠴᠤᠳ ᠬᠦᠨᠳᠦ ᠰᠦᠷᠡᠬᠡᠢ ᠪᠥᠭᠡᠳ ᠤᠷᠲᠤ ᠤᠳᠠᠭᠠᠨ ᠡᠪᠦᠯ ᠢ᠋ᠶ᠋ᠡᠨ ᠥᠩᠭᠡᠷᠡᠭᠡᠭᠡᠳ ᠣᠳᠣ ᠪᠣᠯᠬᠤ ᠳ᠋ᠤ᠌ ᠵᠠᠪᠰᠢᠶᠠᠨ ᠪᠣᠯᠭᠠᠨ ᠢ᠋ ᠠᠯᠳᠠᠯ ᠦᠭᠡᠢ ᠨᠠᠢᠷᠯᠠᠳᠠᠭ ᠵᠤᠨ ᠤ᠋ ᠨᠠᠯᠠᠭᠠᠷ ᠰᠠᠢᠬᠠᠨ ᠴᠠᠭ ᠦᠶ᠎ᠡ ᠬᠦᠷᠴᠦ ᠢᠷᠡᠵᠡᠢ᠃ ᠰᠦᠮ᠎ᠡ ᠨᠦ᠍ᠭᠦᠳ ᠶᠡᠬᠡ ᠪᠠᠭ᠎ᠠ ᠭᠡᠵᠦ ᠢᠯᠭᠠᠬᠤ ᠦᠭᠡᠢ ᠵᠤᠨ ᠤ᠋ ᠳᠤᠮᠳᠠᠴᠢ ᠪᠠᠷ ᠪᠦᠷ ᠴᠠᠮ ᠪᠣᠯᠳᠠᠭ ᠪᠥᠭᠡᠳ ᠡᠭᠦᠨ ᠲᠡᠢ ᠬᠠᠮᠲᠤ ᠳ᠋ᠤᠨᠢ ᠪᠠᠰᠠ ᠨᠠᠭᠠᠳᠤᠮ ᠪᠣᠯᠳᠠᠭ ᠪᠢᠯᠡ᠃ ᠮᠠᠯ ᠰᠦᠷᠦᠭ ᠨᠢ ᠬᠠᠪᠤᠷ ᠢ᠋ ᠪᠣᠳᠣᠪᠠᠯ ᠲᠠᠷᠭᠤ ᠬᠦᠴᠦ ᠲᠡᠢ ᠪᠣᠯᠵᠤ᠂ ᠳᠤᠭᠤᠢ ᠳᠤᠭᠤᠢ ᠴᠠᠭᠠᠨ ᠬᠤᠷᠤᠳ ᠢ᠋ᠶ᠋ᠠᠷ ᠪᠠᠭ᠎ᠠ ᠠᠪᠳᠠᠷ᠎ᠠ ᠨᠤᠭᠤᠳ ᠢ᠋ᠶ᠋ᠠᠨ ᠳᠦᠭᠦᠷᠭᠡᠵᠦ ᠨᠥᠭᠡᠴᠡᠯᠡᠨ ᠲᠠᠯᠪᠢᠵᠠᠢ᠃ ᠠᠢᠯ ᠪᠣᠯᠭᠠᠨ ᠰᠢᠷ᠎ᠠ ᠲᠣᠰᠣ᠂ ᠠᠢᠷᠠᠭ ᠲᠠᠷᠠᠭ ᠢ᠋ᠶ᠋ᠠᠷ ᠡᠯᠪᠡᠭ ᠪᠣᠯᠵᠤ ᠵᠤᠨ ᠤ᠋ ᠰᠠᠢᠬᠠᠨ ᠡᠳᠦᠷ ᠦ᠋ᠳ ᠲᠦ᠍ ᠶᠠᠳᠠᠷᠠᠵᠤ ᠲᠤᠢᠯᠳᠠᠭᠰᠠᠨ ᠬᠥᠮᠦᠨ ᠭᠡᠵᠦ ᠭᠠᠭᠴᠠᠬᠠᠨ ᠴᠤ᠌ ᠬᠠᠷᠠᠭᠳᠠᠬᠤ ᠦᠭᠡᠢ ᠠᠵᠢ᠃ ᠡᠷᠡᠴᠦᠦᠯ ᠨᠢ ᠣᠯᠠᠩᠬᠢ ᠳ᠋ᠠᠭᠠᠨ ᠭᠡᠷ ᠲᠡᠭᠡᠨ ᠰᠠᠭᠤᠬᠤ ᠪᠠᠨ ᠪᠣᠯᠢᠨ᠂ ᠨᠠᠢᠵᠠ ᠨᠥᠬᠥᠳ ᠦ᠋ᠨ ᠬᠠᠮᠲᠤ ᠡᠨᠡ ᠨᠠᠢᠷ ᠠ᠋ᠴᠠ ᠲᠡᠷᠡ ᠨᠠᠭᠠᠳᠤᠮ ᠳ᠋ᠤ᠌ ᠳᠠᠮᠵᠢᠨ ᠵᠢᠷᠭᠠᠵᠤ᠂ ᠲᠤᠯᠭᠠᠨ ᠤ᠋ ᠭᠠᠯ ᠢ᠋ ᠲᠣᠭᠣᠷᠢᠨ ᠰᠠᠭᠤᠵᠠᠭᠠᠵᠤ ᠲᠦᠷᠦᠭᠦᠦ ᠰᠠᠷ᠎ᠠ ᠶ᠋ᠢᠨ ᠨᠠᠭᠠᠳᠤᠮ ᠳ᠋ᠤ᠌ ᠲᠦᠷᠦᠭᠦᠯᠡᠭᠰᠡᠨ ᠮᠣᠷᠢᠨ ᠤ᠋ ᠦᠨ᠎ᠡ ᠶ᠋ᠢᠨ ᠲᠤᠬᠠᠢ ᠶᠠᠷᠢᠯᠳᠤᠨ᠎ᠠ᠃ ᠨᠠᠢ᠍ᠮᠠ ᠶ᠋ᠢᠨ ᠠᠭᠤᠯᠠᠨ ᠳ᠋ᠠᠬᠢ ᠬᠠᠮᠤᠭ ᠤ᠋ᠨ ᠲᠣᠮᠣ ᠨᠠᠢᠷ ᠨᠠᠭᠠᠳᠤᠮ ᠨᠢ ᠬᠠᠨ᠎ᠠ ᠬᠠᠳᠠ ᠳ᠋ᠤ᠌ ᠶᠠᠪᠤᠭᠳᠠᠳᠠᠭ ᠪᠠᠢᠨ᠎ᠠ ( ᠵᠢᠷᠤᠭ 84 ) ᠃ ᠪᠢ ᠲᠡᠢᠰᠢ ᠨᠠᠢᠷ ᠲᠤ᠌ ᠶᠠᠪᠤᠨ᠎ᠠ ᠭᠡᠬᠦᠯᠡᠷ ᠰᠸᠸᠳ᠋ᠸᠨ ᠨᠦ᠍ᠭᠦᠳ ᠴᠦ᠍ ᠨᠠᠳᠠ ᠲᠠᠢ ᠴᠣᠭ ᠶᠠᠪᠤᠬᠤ ᠪᠠᠷ ᠪᠣᠯᠪᠠ᠃ ᠪᠢᠳᠡᠨ ᠢ᠋ ᠬᠦᠷᠬᠦ ᠳ᠋ᠦ᠍ ᠨᠠᠷᠠ ᠮᠠᠨᠳᠤᠬᠤ ᠠ᠋ᠴᠠ ᠡᠮᠦᠨ᠎ᠡ ᠣᠪᠣᠭᠠᠨ ᠳᠡᠭᠡᠷ᠎ᠡ ᠶᠠᠪᠤᠭᠳᠠᠳᠠᠭ ᠯᠠᠮᠠ ᠨᠠᠷ ᠤ᠋ᠨ ᠲᠠᠬᠢᠯᠭ᠎ᠠ ᠨᠢᠭᠡᠨᠲᠡ ᠳᠠᠭᠤᠰᠴᠠᠢ᠃ ᠬᠣᠶᠠᠷ ᠲᠠᠯ᠎ᠠ ᠪᠠᠷ ᠥᠩᠭᠡ ᠪᠦᠷᠢ ᠶ᠋ᠢᠨ ᠵᠢᠵᠢᠭᠬᠡᠨ ᠲᠣᠷᠭᠠᠨ ᠳᠠᠯᠪᠠᠭ᠎ᠠ ᠬᠠᠳᠬᠤᠭᠰᠠᠨ ᠲᠡᠭᠷᠢ ᠶ᠋ᠢᠨ ᠬᠠᠭᠠᠯᠭ᠎ᠠ ᠳ᠋ᠤ᠌ ᠬᠦᠷᠬᠦ ᠵᠠᠮ ᠨᠢ ᠯᠤᠤᠰ ᠪᠠ ᠪᠤᠰᠤᠳ ᠪᠤᠷᠬᠠᠳ ᠢ᠋ ᠲᠠᠬᠢᠭᠰᠠᠨ ᠭᠠᠵᠠᠷ ᠬᠦᠷᠲᠡᠯ᠎ᠡ ᠦᠷᠭᠦᠯᠵᠢᠯᠡᠵᠦ᠂ ᠡᠨᠡ ᠲᠠᠬᠢᠯᠭ᠎ᠠ ᠪᠠᠷ ᠬᠥᠮᠦᠰ ᠵᠢᠴᠢ ᠮᠠᠯ ᠰᠦᠷᠦᠭ ᠢ᠋ᠶ᠋ᠡᠨ ᠡᠪᠡᠳᠴᠢᠨ ᠲᠠᠬᠤᠯ᠂ ᠭᠠᠩ ᠭᠠᠴᠢᠭ ᠪᠠ ᠵᠤᠳ ᠵᠡᠷᠭᠡ ᠭᠠᠢ ᠭᠠᠮᠰᠢᠭ ᠠ᠋ᠴᠠ ᠵᠠᠢᠯᠠᠭᠤᠯᠳᠠᠭ ᠠᠵᠢ᠃ 
       ᠪᠢᠳᠡᠨ ᠢ᠋ ᠬᠦᠷᠬᠦ ᠳ᠋ᠦ᠍ ᠲᠠᠬᠢᠯᠭ᠎ᠠ ᠶ᠋ᠢᠨ ᠤᠷᠲᠤ ᠡᠩᠨᠡᠭᠡ ᠯᠠᠮᠠ ᠨᠠᠷ ᠢ᠋ᠶ᠋ᠠᠷ ᠲᠣᠯᠣᠭᠠᠢᠯᠠᠭᠤᠯᠤᠨ ᠂ ᠬᠣᠶᠠᠷ ᠲᠣᠮᠣ ᠭᠡᠭᠴᠢ ᠶ᠋ᠢᠨ ᠭᠤᠷᠪᠠᠯᠵᠢᠨ ᠳᠠᠯᠪᠠᠭ᠎ᠠ ᠲᠠᠢ ᠠᠭᠤᠯᠠᠨ ᠠ᠋ᠴᠠ ᠳᠣᠷᠣᠭᠰᠢᠯᠠᠵᠤ᠂ ᠨᠠᠭᠠᠳᠤᠮ ᠤ᠋ᠨ ᠲᠣᠮᠣ ᠬᠥᠬᠡ ᠮᠠᠢᠬᠠᠨ ( ᠵᠢᠷᠤᠭ 83 )  ᠶ᠋ᠢ ᠴᠢᠭᠯᠡᠨ ᠶᠠᠪᠤᠵᠤ ᠪᠠᠢᠪᠠ᠃ ᠵᠢᠭᠰᠠᠭᠠᠯ ᠤ᠋ᠨ ᠡᠩᠨᠡᠭᠡ ᠣᠪᠣᠭᠠᠨ ᠠᠭᠤᠯᠠ ᠶ᠋ᠢᠨ ᠬᠥᠯ ᠳ᠋ᠦ᠍ ᠢᠷᠡᠭᠰᠡᠨ ᠦ᠌ ᠬᠣᠢᠨ᠎ᠠ ᠪᠠᠷᠢᠵᠤ ᠠᠪᠤᠭᠰᠠᠨ ᠬᠦᠷᠦᠭᠡ - ᠨᠢᠭᠡ ᠵᠡᠭᠡᠷ᠎ᠡ ᠶ᠋ᠢ ᠲᠠᠯᠪᠢᠪᠠ᠃ ᠬᠥᠮᠦᠨ ᠦ᠌ ᠭᠠᠷ ᠠ᠋ᠴᠠ ᠮᠤᠯᠲᠤᠷᠠᠭᠰᠠᠨ ᠵᠡᠭᠡᠷ᠎ᠡ ᠨᠢᠰᠬᠦ ᠮᠡᠲᠦ ᠬᠤᠷᠳᠤᠴᠠ ᠪᠠᠷ ᠳᠠᠭᠰᠢᠨ ᠲᠠᠭᠰᠢᠨ ᠳᠠᠪᠬᠢᠭᠰᠠᠭᠠᠷ ᠬᠥᠳᠡᠭᠡ ᠲᠠᠯ᠎ᠠ ᠶ᠋ᠢ ᠲᠤᠭᠤᠯᠬᠤ ᠳ᠋ᠠᠭᠠᠨ ᠭᠣᠣ ᠵᠢᠯᠠᠭ᠎ᠠ ᠶ᠋ᠢᠨ ᠳᠡᠭᠡᠭᠦᠷ ᠦᠰᠦᠷᠦᠨ ᠭᠠᠷᠴᠤ᠂ ᠲᠣᠭᠲᠠᠮᠠᠯ ᠤᠰᠤᠨ ᠳ᠋ᠤ᠌ ᠭᠢᠰᠬᠢᠬᠦ ᠳ᠋ᠦ᠍ ᠦᠰᠦᠷᠦᠭᠰᠡᠨ ᠤᠰᠤᠨ ᠳᠤᠰᠤᠯ ᠨᠢ ᠥᠨᠳᠥᠷ ᠭᠡᠭᠴᠢ ᠬᠠᠷᠠᠭᠳᠠᠵᠤ ᠪᠠᠢᠯ᠎ᠠ᠃ 
       ᠣᠢᠷ᠎ᠠ ᠣᠷᠴᠢᠮ ᠤ᠋ᠨ ᠬᠠᠮᠤᠭ ᠤ᠋ᠨ ᠬᠦᠨᠳᠦᠲᠡᠢ ᠭᠡᠭᠡᠨ ᠪᠠ ᠯᠠᠮᠠ ᠨᠠᠷ ᠤ᠋ᠨ ᠰᠠᠭᠤᠵᠤ ᠴᠠᠢ ᠤᠤᠭᠤᠵᠤ ᠪᠠᠢᠭ᠎ᠠ ᠲᠣᠮᠣ ᠬᠥᠬᠡ ᠮᠠᠢᠬᠠᠨ ᠤ᠋ ᠡᠮᠦᠨ᠎ᠡ ᠬᠣᠶᠠᠷ ᠳᠠᠯᠪᠠᠭ᠎ᠠ ᠶ᠋ᠢ ᠬᠠᠳᠬᠤᠨ ᠲᠠᠯᠪᠢᠪᠠ᠃ ᠰᠸᠸᠳ᠋ᠸᠨ ᠦ᠌ ᠱᠠᠰᠢᠨ ᠰᠤᠷᠲᠠᠯᠴᠢᠯᠠᠭᠴᠢ ᠡᠸᠷᠢᠺᠰᠣᠨ ᠡᠨᠳᠡᠬᠢ ᠬᠥᠮᠦᠨ ᠪᠣᠯᠭᠠᠨ ᠲᠠᠢ ᠲᠠᠨᠢᠯᠴᠠᠬᠤ ᠲᠤᠯᠠ ᠮᠣᠩᠭᠣᠯᠴᠤᠳ ᠪᠢᠳᠡᠨ ᠢ ᠲᠡᠳᠡᠨ ᠦ᠌ ᠬᠠᠵᠠᠭᠤ ᠳ᠋ᠤ᠌ ᠮᠠᠢᠬᠠᠨ ᠤ᠋ ᠰᠡᠭᠦᠳᠡᠷ ᠲᠦ᠍ ᠰᠠᠭᠤᠬᠤ ᠶ᠋ᠢ ᠤᠷᠢᠯ᠎ᠠ᠃ ᠪᠢ ᠵᠢᠷᠤᠭ ᠠᠪᠤᠨ᠎ᠠ ᠭᠡᠮᠡᠨ ᠬᠦᠰᠡᠵᠦ ᠪᠠᠢᠭᠰᠠᠨ ᠪᠣᠯᠬᠣᠷ ᠡᠨᠡ ᠬᠦ᠌ ᠤᠷᠢᠯᠭ᠎ᠠ ᠳ᠋ᠤ᠌ ᠲᠠᠯᠠᠷᠬᠠᠯ ᠢ᠋ᠶ᠋ᠠᠨ ᠢᠯᠡᠷᠬᠡᠢᠯᠡᠭᠡᠳ ᠰᠤᠷ ᠬᠠᠷᠪᠤᠯᠲᠠ ᠶ᠋ᠢᠨ ᠲᠠᠯᠠᠪᠠᠢ ᠳ᠋ᠤ᠌ ᠴᠤᠭᠯᠠᠷᠠᠭᠰᠠᠨ ᠣᠯᠠᠨ ᠬᠥᠮᠦᠨ ᠦ᠌ ᠳᠤᠮᠳᠠ ᠣᠷᠣᠪᠠ᠃
       ᠭᠤᠴᠢᠨ ᠠᠯᠲᠠ ᠶ᠋ᠢᠨ ᠵᠠᠢᠲᠠᠢ ᠭᠠᠵᠠᠷ ᠲᠤ᠌ ᠳᠤᠭᠤᠢ ᠫᠠᠢ ᠡᠯᠭᠦᠭᠡᠳ᠂ ᠫᠠᠢ ᠶ᠋ᠢᠨ ᠳᠤᠮᠳᠠᠬᠢ ᠵᠢᠵᠢᠭᠬᠡᠨ ᠳᠤᠭᠤᠢ ᠶ᠋ᠢ ᠣᠨᠣᠭᠠᠬᠤ ᠳ᠋ᠤ᠌ ᠬᠦᠷᠪᠡᠯ ᠲᠡᠷᠡ ᠨᠢ ᠴᠠᠭᠠᠰᠢ ᠪᠠᠨ ᠮᠤᠯᠲᠤᠷᠠᠨ ᠤᠨᠠᠨ᠎ᠠ᠃ ᠠᠩᠬᠠᠨ ᠤ᠋ ᠰᠤᠮᠤ ᠶ᠋ᠢ ᠡᠨᠳᠡᠬᠢ ᠬᠠᠮᠤᠭ ᠤ᠋ᠨ ᠥᠨᠳᠥᠷ ᠲᠤᠰᠢᠶᠠᠯ ᠪᠦᠬᠦᠢ ᠴᠠᠭᠠᠨ ᠭᠡᠵᠢᠭᠡ ᠲᠡᠢ ᠠᠬᠠᠮᠠᠳ ᠨᠠᠰᠤᠨ ᠤ᠋ ᠬᠦᠨᠳᠦᠲᠦ ᠬᠥᠮᠦᠨ ᠬᠠᠷᠪᠤᠬᠤ ᠪᠠᠷ ᠪᠣᠯᠪᠠ ᠃ ᠬᠦᠴᠢᠷᠲᠡᠢᠬᠡᠨ ᠨᠤᠮᠤ ᠪᠠᠨ ᠲᠠᠲᠠᠵᠤ ( ᠵᠢᠷᠤᠭ 87 ) ᠭᠠᠷ ᠨᠢ ᠪᠠᠭ᠎ᠠ ᠰᠠᠯᠭᠠᠨᠠᠨ ᠴᠡᠴᠡᠷᠡᠵᠦ ᠪᠠᠢᠬᠤ ᠠ᠋ᠴᠠ ᠬᠦᠴᠦᠨ ᠴᠢᠳᠠᠯ ᠨᠢ ᠬᠦᠷᠬᠦ ᠦᠭᠡᠢ ᠪᠠᠢᠬᠤ ᠨᠢ ᠢᠯᠡᠬᠡᠨ ᠮᠡᠳᠡᠭᠳᠡᠵᠦ ᠂ ᠡᠬᠢᠨ ᠦ᠌ ᠳᠥᠷᠪᠡᠨ ᠰᠤᠮᠤ ᠨᠢ ᠫᠠᠢ ᠶ᠋ᠢ ᠣᠨᠣᠭᠠᠵᠤ ᠴᠢᠳᠠᠭᠰᠠᠨ ᠦᠭᠡᠢ᠃ 
       – ᠰᠠᠯᠬᠢᠨ ᠶᠡᠬᠡ ᠪᠠᠢᠨ᠎ᠠ ᠳᠠ ᠭᠡᠵᠦ ᠨᠢᠭᠡ ᠳᠠᠭᠠᠭᠰᠠᠳ ᠨᠢ ᠨᠣᠶᠠᠨ ᠳ᠋ᠠᠭᠠᠨ ᠵᠥᠪ ᠥᠭᠴᠦ ᠶᠠᠷᠢᠪᠠ᠃ ᠰᠤᠮᠤ ᠪᠠᠨ ᠠᠬᠢᠨ ᠠᠪᠴᠢᠷᠠᠭᠤᠯᠵᠤ᠂ ᠳᠠᠬᠢᠵᠤ ᠬᠠᠷᠪᠤᠵᠤ ᠦᠵᠡᠬᠦ ᠪᠡᠷ ᠪᠣᠯᠪᠠ᠃ ᠠᠩᠬᠠᠨ ᠤ᠋ ᠰᠤᠮᠤᠨ ᠳ᠋ᠠᠭᠠᠨ ᠫᠠᠢ ᠶ᠋ᠢᠨ ᠭᠣᠣᠯ ᠢ᠋ ᠣᠨᠣᠭᠠᠵᠤ ᠡᠪᠡᠰᠦᠨ ᠳᠡᠭᠡᠷ᠎ᠡ ᠤᠨᠠᠭᠠᠪᠠ᠃ ᠲᠣᠭᠣᠷᠢᠨ ᠵᠣᠭᠰᠣᠭᠰᠠᠳ ᠤ᠋ᠨ ᠰᠠᠢᠰᠢᠶᠠᠯ ᠮᠠᠭᠲᠠᠭᠠᠯ ᠤ᠋ᠨ ᠳᠤᠮᠳᠠ ᠲᠡᠷᠡ ᠮᠣᠩᠭᠣᠯ ᠡᠷ᠎ᠡ ᠨᠤᠮᠤ ᠰᠤᠮᠤ ᠪᠠᠨ ᠬᠠᠵᠠᠭᠤ ᠶ᠋ᠢᠨ ᠬᠥᠮᠦᠰ ᠲᠡᠭᠡᠨ ᠥᠭᠭᠦᠭᠡᠳ᠂ ᠮᠠᠢᠬᠠᠨ ᠳᠣᠲᠣᠷᠠᠬᠢ ᠥᠨᠳᠥᠷᠬᠡᠨ ᠵᠠᠰᠠᠭᠰᠠᠨ ᠰᠠᠭᠤᠳᠠᠯ ᠳ᠋ᠠᠭᠠᠨ ᠬᠦᠷᠴᠦ ᠵᠠᠯᠠᠭᠤᠴᠤᠳ ᠤ᠋ᠨ ᠡᠨᠡ ᠬᠦ᠌ ᠳᠤᠷᠠᠲᠠᠢ ᠲᠠᠮᠢᠷ ᠤ᠋ᠨ ᠬᠥᠳᠡᠯᠭᠡᠭᠡᠨ ᠳ᠋ᠡᠭᠡᠨ ᠣᠷᠣᠯᠴᠠᠬᠤ ᠶ᠋ᠢ ᠬᠠᠷᠠᠵᠤ ᠰᠠᠭᠤᠪᠠ᠃ ᠲᠡᠷᠡ ᠣᠯᠠᠨ ᠰᠤᠷᠴᠢᠳ ᠤ᠋ᠨ ᠳᠣᠲᠣᠷ᠎ᠠ ᠨᠢᠭᠡ ᠨᠢ ᠥᠪᠡᠷ ᠦ᠋ᠨ ᠢ᠋ᠶ᠋ᠡᠨ ᠳᠠᠭᠤᠲᠤ ᠵᠡᠪᠡ ᠲᠡᠢ ᠪᠠᠢᠵᠤ᠂ ᠰᠤᠮᠤᠨ ᠤ᠋ ᠬᠢᠨᠢ ᠡᠮᠦᠨᠡᠬᠢ ᠬᠦᠨᠳᠦ ᠬᠡᠰᠡᠭ ᠢ᠋ ᠳᠠᠭᠤ ᠭᠠᠷᠬᠤ ᠪᠠᠷ ᠵᠠᠰᠠᠭᠰᠠᠨ ᠲᠤᠯᠠ ᠬᠥᠪᠴᠢᠨ ᠡᠴᠡ ᠪᠡᠨ ᠰᠠᠯᠤᠮᠠᠭᠴᠠ ᠭᠤᠷᠪᠠ ᠪᠤᠶᠤ ᠳᠥᠷᠪᠡᠨ ᠥᠩᠭᠡ ᠶ᠋ᠢᠨ ᠳᠠᠭᠤ ᠪᠠᠷ ᠬᠥᠭ ᠪᠠᠷᠢᠨ ᠢᠰᠬᠡᠷᠦᠨ ᠣᠳᠬᠤ ᠠᠵᠢ᠃ 
       ᠡᠨᠡ ᠬᠣᠭᠣᠷᠣᠨᠳᠣ ᠮᠣᠷᠢᠨ ᠤᠷᠤᠯᠳᠤᠭᠠᠨ ᠨᠢᠭᠡᠨᠲᠡ ᠪᠡᠯᠡᠨ ᠪᠣᠯᠪᠠ ( ᠵᠢᠷᠤᠭ 83 ) ᠃ ᠠᠷᠪᠠᠭᠠᠳ ᠨᠠᠰᠤᠨ ᠤ᠋ ᠬᠡᠦᠬᠡᠳ ᠦ᠋ᠳ ᠣᠯᠠᠨ ᠥᠩᠭᠡ ᠶ᠋ᠢᠨ ᠲᠣᠷᠭᠠᠨ ᠠᠯᠴᠢᠭᠤᠷ ᠢ᠋ᠶ᠋ᠠᠷ ᠲᠣᠯᠣᠭᠠᠢ ᠪᠠᠨ ᠣᠷᠢᠶᠠᠨ ᠲᠣᠷᠭᠠᠨ ᠴᠠᠮᠴᠠ ᠪᠠᠷ ᠪᠡᠶ᠎ᠡ ᠪᠡᠨ ᠴᠢᠮᠡᠵᠦ ᠮᠣᠷᠢ ᠪᠠᠨ ᠵᠠᠢᠳᠠᠩ ᠤᠨᠤᠭᠠᠳ ᠳᠤᠭᠤᠷᠢᠭᠯᠠᠭᠤᠯᠤᠨ ᠠᠯᠬᠤᠭᠤᠯᠵᠤ ᠪᠠᠢᠯ᠎ᠠ᠃ ᠨᠢᠭᠡ ᠠᠯᠪᠠᠲᠠᠨ ᠳᠣᠬᠢᠶ᠎ᠠ ᠥᠭᠬᠦ ᠳ᠋ᠦ᠍ ᠡᠳᠡᠭᠡᠷ ᠬᠡᠦᠬᠡᠳ ᠢ᠋ ᠳᠥᠷᠪᠡᠨ ᠮᠣᠩᠭᠣᠯ ᠠᠪᠴᠤ ᠠᠷᠪᠠᠨ ᠭᠠᠵᠠᠷ ᠤ᠋ᠨ ᠴᠠᠭᠠᠨ᠎ᠠ ᠪᠠᠢᠭ᠎ᠠ ᠡᠬᠢᠯᠡᠯᠲᠡ ᠶ᠋ᠢᠨ ᠴᠠᠭ ᠲᠤ᠌ ᠬᠦᠷᠭᠡᠬᠦ ᠪᠡᠷ ᠬᠥᠳᠡᠯᠪᠡ᠃ 
       ᠬᠠᠵᠠᠭᠤ ᠳ᠋ᠤ᠌ ᠪᠠᠢᠭ᠎ᠠ ᠬᠥᠮᠦᠰ ᠦ᠋ᠨ ᠳᠣᠲᠣᠷ᠎ᠠ ᠠ᠋ᠴᠠ ᠨᠢᠭᠡ ᠨᠢ ᠬᠡᠳᠦᠨ ᠡᠳᠦᠷ ᠦ᠋ᠨ ᠡᠮᠦᠨ᠎ᠡ ᠵᠡᠷᠭᠡᠯᠡᠳᠡᠭᠡ ᠰᠤᠮᠤᠨ ᠤ᠋ ᠨᠠᠭᠠᠳᠤᠮ ᠳᠡᠭᠡᠷ᠎ᠡ ᠨᠤᠲᠤᠭ ᠤ᠋ᠨ ᠤᠶᠠᠭᠠᠴᠢᠳ ᠤ᠋ᠨ ᠬᠤᠳᠠᠯ ᠬᠡᠯᠡᠭᠰᠡᠨ ᠤᠴᠢᠷ ᠢ᠋ ᠶᠠᠷᠢᠪᠠ᠃ ᠬᠥᠷᠰᠢ ᠰᠤᠮᠤ ᠶ᠋ᠢᠨ ᠬᠢᠨ ᠦ᠌ ᠭᠤᠷᠪᠠ ᠳᠥᠷᠪᠡᠨ ᠰᠠᠢᠨ ᠮᠣᠷᠢᠳ ᠲᠡᠷᠡ ᠰᠤᠮᠤᠨ ᠤ᠋ ᠨᠠᠢᠷ ᠲᠤ᠌ ᠣᠷᠣᠯᠳᠣᠬᠤ ᠪᠠᠷ ᠬᠦᠷᠦᠯᠴᠡᠨ ᠣᠴᠢᠭᠰᠠᠨ ᠳ᠋ᠤ᠌ ᠨᠤᠲᠤᠭ ᠤ᠋ᠨ ᠵᠣᠬᠢᠶᠠᠨ ᠪᠠᠢᠭᠤᠯᠤᠭᠴᠢ ᠨᠢ ᠡᠳᠡᠭᠡᠷ ᠬᠠᠷᠢ ᠰᠤᠮᠤᠨ ᠤ᠋ ᠣᠷᠣᠯᠴᠠᠭᠴᠢ ᠨᠠᠷ ᠢ᠋ ᠠᠷᠤ ᠳ᠋ᠤ᠌ ᠪᠠᠢᠭ᠎ᠠ ᠬᠥᠲᠥᠯ ᠡᠴᠡ ᠡᠬᠢᠯᠡᠨ᠎ᠡ ᠭᠡᠮᠡᠨ ᠢᠯᠡᠭᠡᠵᠡᠢ᠃ ᠲᠡᠳᠡᠨ ᠢ᠋ ᠲᠡᠨᠳᠡ ᠬᠦᠷᠬᠦ ᠶ᠋ᠢᠨ ᠵᠡᠷᠭᠡ ᠤᠷᠤᠯᠳᠤᠭᠠᠨ ᠡᠬᠢᠯᠡᠬᠦ ᠳᠣᠬᠢᠶ᠎ᠠ ᠨᠢᠭᠡᠨᠲᠡ ᠳᠤᠤᠭᠠᠷᠴᠤ᠂ ᠡᠬᠢᠯᠡᠨ ᠣᠷᠣᠯᠳᠣᠬᠤ ᠳ᠋ᠠᠭᠠᠨ ᠨᠤᠲᠤᠭ ᠤ᠋ᠨ ᠮᠣᠷᠢᠳ ᠠ᠋ᠴᠠ ᠳᠥᠷᠪᠡᠨ ᠭᠠᠵᠠᠷ ᠢᠯᠡᠭᠦᠦ ᠬᠣᠴᠣᠷᠴᠠᠢ᠃ ᠭᠡᠬᠦ ᠳ᠋ᠦ᠍ ᠵᠡᠷᠭᠡᠯᠡᠳᠡᠭᠡ ᠰᠤᠮᠤᠨ ᠤ᠋ ᠡᠳᠡᠭᠡᠷ ᠮᠣᠷᠢᠳ ᠬᠠᠷᠢᠨ ᠨᠤᠲᠤᠭ ᠤ᠋ᠨ ᠮᠣᠷᠢᠳ ᠢ᠋ ᠪᠦᠷ ᠭᠦᠢᠴᠡᠨ ᠭᠠᠷᠴᠤ᠂ ᠲᠦᠷᠦᠭᠦᠦ ᠭᠤᠷᠪᠠᠨ ᠨᠡᠷ᠎ᠡ ᠶ᠋ᠢ ᠪᠦᠷ ᠠᠪᠤᠭᠠᠳ ᠬᠤᠳᠠᠯ ᠬᠡᠯᠡᠵᠦ ᠮᠠᠭᠤᠬᠠᠢ ᠬᠢᠳᠡᠯ ᠬᠢᠭᠰᠡᠨ ᠨᠤᠲᠤᠭ ᠤ᠋ᠨ ᠬᠢᠨ ᠢ᠋ ᠰᠦᠷᠡᠬᠡᠢ ᠢᠴᠢᠭᠡᠵᠦ ᠠᠭᠤᠷᠯᠠᠭᠤᠯᠤᠭᠰᠠᠨ ᠭᠡᠨ᠎ᠡ᠃ 
       ᠬᠥᠮᠦᠰ ᠡᠭᠦᠨ ᠢ᠋ ᠶᠡᠬᠡ ᠬᠥᠭᠵᠢᠶᠡᠨᠲᠡᠢ ᠪᠡᠷ ᠬᠡᠯᠡᠯᠴᠡᠵᠦ᠂ ᠥᠨᠥᠳᠥᠷ ᠦ᠋ᠨ ᠮᠣᠷᠢᠳ ᠤ᠋ᠨ ᠲᠤᠬᠠᠢ ᠴᠤ᠌ ᠬᠠᠯᠠᠭᠤᠨ ᠶᠠᠷᠢᠯᠴᠠᠨ᠎ᠠ᠃ 
       – ᠬᠡᠷᠪᠡ ᠬᠡᠭᠡᠷ ᠮᠣᠷᠢ ᠮᠢᠨᠢ ᠠᠬᠢᠭᠠᠳ ᠲᠡᠷᠢᠭᠦᠨ ᠳ᠋ᠦ᠍ ᠢᠷᠡᠬᠦ ᠳ᠋ᠦ᠍ ᠬᠦᠷᠪᠡᠯ ᠪᠢ ᠲᠡᠭᠦᠨ ᠢ᠋ ᠬᠣᠶᠠᠷ ᠵᠠᠭᠤᠨ ᠲᠥᠭᠥᠷᠢᠭ ᠢ᠋ᠶ᠋ᠡᠷ ᠵᠠᠷᠤᠨ᠎ᠠ ᠳᠠ ᠭᠡᠵᠦ ᠨᠢᠭᠡ ᠨᠢ ᠶᠡᠬᠡ ᠦᠭᠡ ᠬᠡᠯᠡᠬᠦ ᠳ᠋ᠦ᠍ ᠨᠥᠭᠦᠭᠡ ᠨᠢ ᠲᠣᠰᠴᠤ ᠠᠪᠤᠭᠠᠳ᠄ 
       – ᠮᠢᠨᠦ ᠵᠡᠭᠡᠷᠳᠡ ᠲᠡᠭᠦᠨ ᠢ᠋ ᠳᠠᠪᠠᠨ᠎ᠠ ᠠ᠋ ! ᠭᠡᠯ᠎ᠡ ᠃ 
       – ᠬᠠᠢ ᠂ ᠴᠢᠨᠦ ᠵᠡᠭᠡᠷᠳᠡ ᠲᠦᠷᠦᠭᠦᠦ ᠤᠳᠠᠭ᠎ᠠ ᠳᠡᠳ᠋ ᠲᠦ᠍ ᠳᠠᠪᠬᠢᠵᠤ ᠪᠠᠢᠭᠰᠠᠨ ᠪᠠᠢᠭᠠᠳ ᠥᠨᠥᠳᠥᠷ ᠵᠠᠪᠠᠯ ᠲᠦᠷᠦᠭᠦᠨ ᠳ᠋ᠦ᠍ ᠢᠷᠡᠬᠦ ᠶᠣᠰᠣᠲᠠᠢ ᠭᠡᠵᠦ ᠪᠣᠳᠣᠵᠤ ᠪᠠᠢᠨ᠎ᠠ ᠤᠤ? 
       – ᠢᠷᠡᠯ᠎ᠡ ! ᠢᠷᠡᠯ᠎ᠡ !  ᠭᠡᠮᠡᠨ ᠵᠠᠯᠠᠭᠤᠴᠤᠳ ᠥᠨᠳᠥᠷ ᠳᠠᠭᠤᠨ ᠢ᠋ᠶ᠋ᠠᠷ ᠤᠤᠬᠠᠢᠯᠠᠨ ᠬᠠᠰᠬᠢᠷᠤᠯᠳᠤᠬᠤ ᠳ᠋ᠤ᠌ ᠬᠥᠮᠦᠰ ᠮᠠᠢᠬᠠᠨ ᠤ᠋ ᠡᠮᠦᠨ᠎ᠡ ᠵᠠᠢ ᠲᠠᠯᠪᠢᠵᠤ ᠥᠭᠭᠦᠯ᠎ᠡ ᠃ ᠬᠥᠮᠦᠨ ᠪᠣᠯᠭᠠᠨ ᠥᠪᠡᠷ ᠦ᠋ᠨ ᠪᠤᠶᠤ ᠨᠠᠢᠵᠠ ᠨᠥᠬᠥᠳ ᠦ᠋ᠨ ᠢ᠋ᠶ᠋ᠡᠨ ᠮᠣᠷᠢᠳ ᠤ᠋ᠨ ᠬᠣᠢᠨ᠎ᠠ ᠠ᠋ᠴᠠ ᠰᠡᠳᠬᠢᠯ ᠪᠣᠯᠤᠨ ᠨᠢᠳᠦ ᠪᠡᠨ ᠲᠣᠳᠣᠢᠯᠭᠠᠨ ᠡᠷᠢᠵᠡᠭᠡᠨ᠎ᠡ᠃ 
        – ᠵᠡᠭᠡᠷᠳᠡ ᠮᠣᠷᠢ᠂ ᠵᠡᠭᠡᠷᠳᠡ ᠮᠣᠷᠢ ! ᠭᠡᠮᠡᠨ ᠨᠢᠭᠡ ᠪᠦᠯᠦᠭ ᠬᠥᠮᠦᠰ ᠪᠠᠷᠬᠢᠷᠠᠯᠳᠤᠪᠠ᠃ ᠭᠡᠬᠦ ᠳ᠋ᠦ᠍ ᠲᠡᠭᠦᠰᠬᠡᠯ ᠦ᠋ᠨ ᠴᠠᠭ ᠠ᠋ᠴᠠ ᠡᠮᠦᠨᠡᠬᠡᠨ ᠲᠡᠭᠦᠨ ᠢ᠋ ᠬᠣᠶᠠᠷ ᠬᠠᠷ᠎ᠠ ᠮᠣᠷᠢ ᠳᠠᠭᠠᠷᠢᠨ ᠭᠠᠷᠤᠯ᠎ᠠ᠃ 
       – ᠬᠡᠭᠡᠷ ᠮᠣᠷᠢ ᠲᠡᠭᠡᠭᠡᠳ ᠬᠠᠮᠢᠭ᠎ᠠ ᠣᠷᠣᠴᠢᠬᠠᠪᠠ? ᠭᠡᠵᠦ ᠨᠢᠭᠡ ᠨᠢ ᠠᠰᠠᠭᠤᠪᠠ᠃ 
       ᠬᠡᠭᠡᠷ ᠮᠣᠷᠢ ᠶ᠋ᠢ ᠬᠦᠯᠢᠶᠡᠭᠡᠳ ᠬᠦᠯᠢᠶᠡᠭᠡᠳ ᠪᠠᠢᠳᠠᠭ ᠦᠭᠡᠢ᠃ ᠠᠷᠪᠠᠨ ᠬᠣᠶᠠᠳᠤᠭᠠᠷ ᠲᠤ᠌ ᠵᠢᠭᠰᠠᠭᠠᠭᠳᠠᠬᠤ ᠮᠣᠷᠢ ᠬᠦᠷᠴᠦ ᠢᠷᠡᠭᠰᠡᠨ ᠦ᠌ ᠳᠠᠷᠠᠭ᠎ᠠ ᠰᠠᠶᠢ ᠬᠣᠯᠠ ᠬᠣᠢᠨ᠎ᠠ ᠠ᠋ᠴᠠ ᠨᠢ ᠬᠡᠭᠡᠷ ᠮᠣᠷᠢ ᠭᠠᠷᠴᠤ ᠢᠷᠡᠪᠡ᠃ ᠡᠨᠡ ᠬᠡᠭᠡᠷ ᠮᠣᠷᠢ ᠣᠯᠠᠨ ᠨᠠᠢᠷ ᠲᠤ᠌ ᠣᠷᠣᠯᠴᠠᠨ ᠳᠥᠷᠪᠡ ᠤᠳᠠᠭ᠎ᠠ ᠮᠠᠩᠯᠠᠢᠯᠠᠵᠤ ᠥᠩᠭᠡᠷᠡᠭᠰᠡᠨ ᠪᠣᠯᠪᠠᠴᠤ ᠥᠨᠥᠳᠥᠷ ᠬᠣᠴᠣᠷᠴᠠᠢ᠃ ᠱᠠᠩ ᠬᠦᠷᠲᠡᠭᠡᠬᠦ ᠦᠶ᠎ᠡ ᠪᠣᠯᠬᠤ ᠳ᠋ᠤ᠌ ᠬᠡᠭᠡᠷ ᠮᠣᠷᠢ ᠡᠵᠡᠨ ᠲᠡᠢ ᠪᠡᠨ ᠵᠢᠴᠢ ᠤᠨᠤᠭᠰᠠᠨ ᠵᠢᠭᠠᠯ ᠨᠢ ᠴᠦ᠍ ᠠᠯᠠᠭ᠎ᠠ ᠪᠣᠯᠵᠠᠢ ᠃ ᠵᠢᠭᠠᠯ ᠮᠣᠷᠢᠲᠠᠳ ᠱᠠᠩ ᠲᠣᠰᠴᠤ ᠠᠪᠬᠤ ᠳ᠋ᠠᠭᠠᠨ ᠮᠥᠷᠭᠥᠨ ᠲᠣᠰᠴᠤ  ᠪᠠᠢᠪᠠ᠃ ᠲᠦᠷᠦᠭᠦᠦ ᠱᠠᠩ ᠳ᠋ᠤ᠌ ᠲᠠᠪᠤᠨ ᠵᠢᠩ ᠲᠤᠲᠤᠷᠭ᠎ᠠ ᠪᠠᠢᠵᠤ ᠂ ᠳᠠᠷᠠᠭᠠᠴᠢ ᠶ᠋ᠢᠨ ᠬᠢ ᠨᠦ᠍ᠭᠦᠳ ᠨᠢ ᠬᠡᠪ ᠦ᠋ᠨ ᠴᠠᠢ ᠂ ᠠᠮᠤ ᠪᠣᠯᠤᠨ ᠥᠭᠡᠷ᠎ᠡ ᠢᠳᠡᠭᠡᠨ ᠢ᠋ᠶ᠋ᠡᠷ ᠱᠠᠩᠨᠠᠭᠳᠠᠵᠠᠢ ᠃ ᠲᠡᠷᠡ ᠨᠣᠶᠠᠨ ᠬᠥᠮᠦᠰ ᠦ᠋ᠨ ᠢᠨᠢᠶᠡᠯᠴᠡᠭᠡᠨ ᠦ᠌ ᠳᠤᠮᠳᠠᠭᠤᠷ ᠰᠡᠭᠦᠯ ᠲᠠᠭᠤᠵᠤ ᠢᠷᠡᠭᠰᠡᠨ ᠣᠷᠣᠯᠳᠣᠭᠴᠢ ᠳ᠋ᠤ᠌ ᠲᠠᠰᠢᠭᠤᠷ ᠱᠠᠩᠨᠠᠨ ᠥᠭᠭᠦᠭᠡᠳ᠄ 
       – ᠡᠭᠦᠨ ᠢ᠋ᠶ᠋ᠡᠷ ᠴᠢ ᠳᠠᠷᠠᠭᠠᠴᠢ ᠶ᠋ᠢᠨ ᠤᠳᠠᠭ᠎ᠠ ᠨᠡᠩ ᠬᠤᠷᠳᠤᠨ ᠭᠦᠶᠦᠯᠭᠡᠬᠦ ᠪᠣᠯᠤᠨ᠎ᠠ᠃ ᠬᠡᠷᠪᠡ ᠰᠠᠢᠨ ᠪᠣᠯᠪᠠᠰᠤᠷᠠᠳᠠᠭ ᠯᠠ ᠶᠤᠮ ᠪᠣᠯ ᠠᠯᠢ ᠨᠢᠭᠡᠨ ᠡᠳᠦᠷ ᠴᠢ ᠲᠡᠷᠢᠭᠦᠨ ᠳ᠋ᠦ᠍ ᠳᠠᠪᠬᠢᠨ ᠢᠷᠡᠬᠦ ᠪᠣᠯᠤᠨ᠎ᠠ ᠭᠡᠵᠦ ᠵᠣᠷᠢᠭᠵᠢᠭᠤᠯᠤᠨ ᠬᠡᠯᠡᠯ᠎ᠡ᠃ ᠡᠬᠢᠨ ᠳ᠋ᠦ᠍ ᠢᠷᠡᠭᠰᠡᠨ ᠳᠥᠷᠪᠡᠨ ᠮᠣᠷᠢᠳ ᠤ᠋ᠨ ᠳᠡᠯ ᠲᠡᠢ ᠨᠢ ᠲᠠᠷᠨᠢ ᠰᠢᠩᠭᠡᠭᠡᠭᠰᠡᠨ ᠰᠠᠬᠢᠭᠤᠰᠤ - ᠵᠢᠵᠢᠭᠬᠡᠨ ᠤᠯᠠᠭᠠᠨ ᠤᠭᠤᠲᠠ ᠶ᠋ᠢ ᠨᠡᠢᠯᠡᠭᠦᠯᠦᠨ ᠬᠦᠷᠦᠭᠰᠡᠨ ᠨᠢ ᠡᠳᠡᠨ ᠢ᠋ ᠭᠠᠢ ᠭᠠᠮᠰᠢᠭ ᠠ᠋ᠴᠠ ᠵᠠᠢᠯᠠᠭᠤᠯᠬᠤ ᠬᠦᠴᠦᠨ ᠴᠢᠳᠠᠯ ᠲᠠᠢ ᠪᠣᠯᠭᠠᠬᠤ ᠲᠣᠮ ᠪᠠᠢᠵᠠᠢ᠃ 
       ᠢᠩᠭᠢᠭᠡᠳ ᠦᠳᠡ ᠶ᠋ᠢᠨ ᠡᠮᠦᠨᠡᠬᠢ ᠤᠷᠤᠯᠳᠤᠭᠠᠨ ᠳᠠᠭᠤᠰᠤᠯ᠎ᠠ᠃ ᠡᠷᠡᠴᠦᠦᠯ ᠮᠠᠢᠬᠠᠨ ᠤᠷᠤᠭᠤ ᠪᠠᠨ ᠶᠠᠪᠤᠵᠠᠭᠠᠨ ᠵᠠᠷᠢᠮ ᠨᠢ ᠯᠠᠮᠠ ᠨᠠᠷ ᠲᠠᠢ ᠬᠠᠮᠲᠤ ᠰᠦ ᠲᠡᠢ ᠴᠠᠢ ᠤᠤᠭᠤᠵᠠᠭᠠᠪᠠ᠃ ᠮᠠᠰᠢᠨ ᠲᠡᠷᠭᠡᠨ ᠦ᠌ ᠪᠡᠨ ᠰᠡᠭᠦᠳᠡᠷ ᠲᠦ᠍ ᠪᠢᠳᠡ ᠴᠦ᠍ ᠦᠳᠡ ᠶ᠋ᠢᠨ ᠴᠠᠢ ᠪᠠᠨ ᠪᠡᠯᠡᠳᠬᠡᠨ ᠤᠤᠭᠤᠯ᠎ᠠ᠃ ᠲᠣᠭᠣᠷᠢᠨ ᠰᠠᠭᠤᠭᠰᠠᠨ ᠮᠣᠩᠭᠣᠯᠴᠤᠳ ᠲᠠᠢ ᠪᠢ ᠢᠨᠢᠶᠡᠳᠦᠮ ᠱᠣᠭ ᠬᠡᠯᠡᠵᠦ ᠬᠥᠭᠡᠷᠦᠯᠳᠦᠭᠰᠡᠨ ᠪᠥᠭᠡᠳ ᠨᠢᠭᠡ ᠴᠠᠭᠠᠰᠤᠨ ᠲᠠᠮᠠᠬᠢ ᠭᠠᠷᠭᠠᠨ ᠨᠣᠴᠣᠭᠠᠪᠠ ᠃ ᠮᠠᠰᠢᠨ ᠤ᠋ ᠭᠢᠰᠬᠢᠭᠦᠷ ᠳᠡᠭᠡᠷ᠎ᠡ ᠨᠢᠭᠡ ᠵᠠᠯᠠᠭᠤᠬᠠᠨ ᠱᠠᠰᠢᠨ ᠰᠤᠷᠲᠠᠯᠴᠢᠯᠠᠭᠴᠢ ᠪᠣᠯᠤᠨ ᠨᠢᠭᠡ ᠮᠣᠩᠭᠣᠯ ᠲᠠᠢ ᠰᠠᠭᠤᠵᠤ ᠪᠠᠢᠭᠰᠠᠨ ᠪᠥᠭᠡᠳ ᠤᠳᠠᠬᠤ ᠦᠭᠡᠢ ᠤᠳᠠᠬᠤ ᠦᠭᠡᠢ ᠨᠠᠳᠠ ᠤᠷᠤᠭᠤ ᠬᠣᠶᠠᠭᠤᠯᠠ ᠪᠠᠨ ᠬᠠᠷᠠᠭᠠᠳ ᠪᠠᠢᠬᠤᠯᠠᠷ ᠨᠢ ᠪᠢ᠄ 
       – ᠨᠠᠳᠠ ᠠ᠋ᠴᠠ ᠶᠠᠭᠤ ᠮᠡᠳᠡᠶ᠎ᠡ ᠭᠡᠵᠦ ᠪᠣᠳᠣᠵᠤ ᠪᠠᠢᠨ᠎ᠠ ᠪᠣᠢ?  ᠭᠡᠵᠦ ᠠᠰᠠᠭᠤᠬᠤ ᠳ᠋ᠤ᠌ ᠲᠡᠷᠡ ᠰᠸᠸᠳ᠋ᠸᠨ ᠨᠡᠯᠢᠶᠡᠳ ᠠᠷᠭ᠎ᠠ ᠪᠠᠨ ᠪᠠᠷᠠᠭᠰᠠᠨ ᠪᠠᠢᠳᠠᠯ ᠲᠠᠢ ᠪᠠᠷ᠄ 
       – ᠪᠢᠳᠡ ᠮᠣᠩᠭᠣᠯᠴᠤᠳ ᠲᠤ᠌ ᠾᠷᠢᠰᠲ᠋ᠣᠰ ᠲᠠᠮᠠᠬᠢ ᠲᠠᠲᠠᠬᠤ ᠶ᠋ᠢ ᠴᠠᠭᠠᠵᠠᠯᠠᠳᠠᠭ ᠭᠡᠮᠡᠨ ᠰᠤᠷᠭᠠᠨ ᠶᠠᠷᠢᠳᠠᠭ ᠪᠠᠢᠬᠤ ᠳ᠋ᠤ᠌ ᠲᠠᠨ ᠤ᠋ ᠲᠠᠮᠠᠬᠢ ᠲᠠᠲᠠᠵᠤ ᠪᠠᠢᠭ᠎ᠠ ᠨᠢ ᠨᠢᠭᠦᠯ ᠬᠢᠵᠦ ᠪᠠᠢᠭ᠎ᠠ ᠤᠴᠢᠷ ᠪᠢᠰᠢ ᠶᠦᠮ ᠤᠤ ?  ᠭᠡᠵᠦ ᠡᠨᠡ ᠮᠣᠩᠭᠣᠯ ᠠᠰᠠᠭᠤᠭᠠᠳ ᠪᠠᠢᠨ᠎ᠠ ᠃ ᠠᠢ ᠳᠠ ! ᠭᠡᠯ᠎ᠡ᠃ 
       – ᠲᠡᠭᠡᠭᠡᠳ ᠲᠠ ᠶᠠᠭᠤ ᠭᠡᠵᠦ ᠬᠠᠷᠢᠭᠤᠯᠪᠠ ?  ᠭᠡᠵᠦ ᠪᠢ ᠡᠨᠡ ᠬᠦ᠌ ᠱᠠᠰᠢᠨ ᠤ᠋ ᠠᠰᠠᠭᠤᠳᠠᠯ ᠤ᠋ᠨ ᠲᠤᠬᠠᠢ ᠬᠠᠳᠠᠭᠠᠨᠠᠨ ᠢᠨᠢᠶᠡᠬᠦ ᠶ᠋ᠢᠨ ᠳᠠᠭᠠᠤ ᠠᠰᠠᠭᠤᠪᠠ᠃ 
       – ᠲᠠᠮᠠᠬᠢᠨ ᠭᠠᠩᠰᠠ ᠪᠠᠷ ᠠᠮᠠ ᠳᠠᠮᠵᠢᠭᠤᠯᠤᠨ ᠲᠠᠲᠠᠬᠤ ᠨᠢ ᠣᠯᠠᠨ ᠡᠪᠡᠳᠴᠢᠨ ᠢ᠋ ᠬᠠᠯᠳᠠᠪᠤᠷᠢᠯᠠᠭᠤᠯᠵᠤ ᠪᠣᠯᠬᠤ ᠲᠤᠯᠠ ᠪᠢᠳᠡ ᠲᠠᠮᠠᠬᠢ ᠲᠠᠲᠠᠬᠤ ᠶ᠋ᠢ ᠬᠣᠷᠢᠭᠯᠠᠵᠤ ᠪᠠᠢᠭ᠎ᠠ ᠶᠤᠮ ᠭᠡᠵᠦ ᠲᠡᠷᠡ ᠦᠭᠡ ᠪᠡᠨ ᠵᠠᠢᠯᠠᠭᠤᠯᠤᠨ ᠶᠠᠷᠢᠪᠠ ᠃  
       – ᠲᠡᠭᠡᠪᠡᠯ ᠪᠢ ᠴᠦ᠍ ᠠᠳᠠ ᠮᠠᠭᠤᠬᠠᠢ ᠬᠡᠪ ᠳᠠᠭᠤᠷᠢᠶᠠᠯ ᠪᠣᠯᠵᠤ ᠪᠠᠢᠭ᠎ᠠ ᠶᠤᠮ ᠪᠠᠢᠨ᠎ᠠ ᠃ ᠲᠠ ᠲᠡᠭᠡᠭᠡᠳ ᠡᠨᠡ ᠮᠣᠩᠭᠣᠯ ᠳ᠋ᠤ᠌ ᠶᠠᠷᠢᠭᠰᠠᠨ ᠬᠠᠷᠢᠭᠤ ᠪᠠᠨ ᠨᠠᠳᠠ ᠶᠠᠷᠢᠵᠤ ᠥᠭᠬᠦ ᠦᠭᠡᠢ ᠶᠦᠮ ᠤᠤ ? 
       – ᠶᠠᠷᠢᠬᠤ ᠦᠭᠡᠢ ᠳᠡ᠃ ᠶᠠᠷᠢᠪᠠᠯ ᠲᠠ ᠬᠠᠷᠢᠨ ᠨᠠᠮᠠᠶ᠋ᠢ ᠪᠤᠷᠤᠭᠤ ᠣᠢᠯᠠᠭᠠᠵᠤ ᠮᠡᠳᠡᠨ᠎ᠡ ᠰᠢᠦ᠃ 
      ᠦᠳᠡ ᠶ᠋ᠢᠨ ᠴᠠᠢ ᠶ᠋ᠢᠨ ᠴᠠᠭ ᠶᠡᠬᠡ ᠤᠳᠠᠭᠠᠨ ᠦᠷᠭᠦᠯᠵᠢᠯᠡᠪᠡ᠃ ᠲᠡᠭᠡᠭᠡᠳ ᠡᠴᠦᠰ ᠲᠡᠭᠡᠨ ᠶᠠᠮᠠᠷ ᠴᠤ᠌ ᠭᠡᠰᠡᠨ ᠠᠲᠠᠨ ᠲᠡᠮᠡᠭᠡ ᠪᠠ ᠲᠠᠷᠢᠶᠠᠨ ᠤ᠋ ᠵᠢᠷᠤᠭ ᠢ᠋ᠶ᠋ᠠᠷ ᠴᠢᠮᠡᠭᠯᠡᠭᠰᠡᠨ ᠰᠠᠢᠬᠠᠨ ᠮᠠᠢᠬᠠᠨ ᠢ᠋ᠶ᠋ᠠᠨ ᠰᠦᠮ᠎ᠡ ᠶ᠋ᠢᠨ ᠡᠮᠦᠨ᠎ᠡ ᠪᠣᠰᠬᠠᠪᠠ᠃ ᠤᠳᠠᠯ ᠦᠭᠡᠢ ᠤᠷᠤᠯᠳᠤᠭᠠᠨ ᠳ᠋ᠤ᠌ ᠣᠷᠣᠯᠴᠠᠭᠴᠢ ᠨᠢᠭᠡ ᠪᠥᠬᠡᠴᠢᠨ ᠨᠣᠶᠠᠳ ᠲᠦᠰᠢᠮᠡᠳ ᠡᠴᠡ ᠡᠮᠦᠨ᠎ᠡ ᠠᠳᠠ ᠬᠦᠷᠴᠦ ᠢᠷᠡᠭᠰᠡᠨ ᠪᠥᠭᠡᠳ ᠲᠡᠭᠦᠨ ᠢ᠋ ᠳᠠᠭᠠᠯᠳᠤᠨ ᠣᠯᠠᠨ ᠯᠠᠮᠠ ᠵᠢᠴᠢ ᠠᠷᠠᠳ ᠤ᠋ᠳ ᠬᠦᠷᠦᠯᠴᠡᠨ ᠢᠷᠡᠵᠡᠭᠡᠪᠡ᠃ ᠠᠷᠠᠳ ᠤ᠋ᠨ ᠳᠣᠲᠣᠷ᠎ᠠ ᠡᠷᠡᠴᠦᠦᠯ ᠭᠣᠣᠯᠲᠠᠢ ᠪᠠᠢᠳᠠᠭ ᠨᠢ ᠪᠦᠰᠡᠭᠦᠢᠴᠦᠦᠯ ᠨᠢ ᠠᠷᠤ ᠭᠡᠷ ᠲᠡᠭᠡᠨ ᠠᠵᠢ ᠬᠢᠭᠡᠳ ᠶᠠᠭᠠᠷᠠᠤ ᠪᠠᠢᠳᠠᠭ ᠠᠵᠢ᠃ ᠵᠦᠯᠭᠡᠨ ᠳᠡᠭᠡᠷ᠎ᠡ ᠲᠣᠮᠣ ᠲᠣᠭᠣᠷᠢᠭ ᠪᠣᠯᠤᠨ ᠰᠠᠭᠤᠵᠠᠭᠠᠵᠤ᠂ ᠯᠠᠮᠠ ᠨᠠᠷ ᠮᠠᠢᠬᠠᠨ ᠤ᠋ ᠵᠡᠭᠦᠨ ᠲᠠᠯ᠎ᠠ ᠪᠠᠷ ᠪᠠᠢᠷᠢ ᠡᠵᠡᠯᠡᠨ᠂ ᠦᠳᠡ ᠶ᠋ᠢᠨ ᠬᠣᠢᠨ᠎ᠠ ᠶ᠋ᠢᠨ ᠬᠤᠷᠴᠠ ᠨᠠᠷᠠᠨ ᠳ᠋ᠤ᠌ ᠡᠮᠦᠰᠦᠭᠰᠡᠨ ᠰᠢᠷ᠎ᠠ ᠬᠦᠷᠡᠩ ᠪᠠᠩᠵᠠᠯ ᠨᠢ ᠨᠢᠳᠦᠨ᠎ᠡ ᠢᠯᠭᠠᠷᠠᠨ ᠬᠠᠷᠠᠭᠳᠠᠬᠤ ᠪᠥᠭᠡᠳ ᠡᠪᠦᠳᠦᠭ ᠳᠡᠭᠡᠷ᠎ᠡ ᠪᠡᠨ ᠬᠡᠮᠡᠷᠯᠢᠭ ᠲᠣᠷᠭ᠎ᠠ ᠪᠠᠷ ᠬᠢᠭᠰᠡᠨ ᠭᠣᠶᠣ ᠪᠣᠭᠴᠣ ᠪᠠᠨ ᠣᠮᠣᠭᠲᠠᠢ ᠪᠠᠷ ᠲᠠᠯᠪᠢᠭᠰᠠᠨ ᠨᠢ ᠰᠦᠷᠲᠡᠢ ᠠᠵᠢ᠃ ᠴᠡᠷᠢᠭ ᠦ᠋ᠳ ᠱᠥᠪᠥᠭᠡᠷ ᠣᠷᠣᠢ ᠲᠠᠢ ᠮᠠᠯᠠᠭᠠᠢ ᠡᠮᠦᠰᠴᠦ᠂ ᠬᠠᠭᠤᠴᠢᠨ ᠵᠡᠪᠰᠡᠭ ᠢ᠋ᠶ᠋ᠡᠨ ᠡᠭᠦᠷᠦᠨ ᠪᠥᠬᠡ ᠶ᠋ᠢᠨ ᠲᠠᠯᠠᠪᠠᠢ ᠶ᠋ᠢᠨ ᠳᠤᠭᠤᠢ ᠴᠠᠭᠠᠷᠢᠭ ᠢ᠋ ᠬᠠᠮᠠᠭᠠᠯᠠᠵᠤ ᠪᠠᠢᠪᠠ᠃ 
       ᠰᠢᠷ᠎ᠠ᠂ ᠤᠯᠠᠭᠠᠨ᠂ ᠨᠣᠭᠣᠭᠠᠨ ᠥᠩᠭᠡ ᠶ᠋ᠢᠨ ᠵᠣᠳᠣᠭ ᠲᠠᠢ ᠪᠥᠬᠡᠴᠢᠳ ᠬᠣᠶᠠᠷ ᠪᠦᠯᠦᠭ ᠪᠣᠯᠵᠤ ᠵᠣᠭᠰᠣᠪᠠ᠃ ᠵᠣᠳᠣᠭ ᠳᠡᠭᠡᠷ᠎ᠡ ᠨᠢ ᠪᠤᠷᠬᠠᠨ ᠱᠠᠰᠢᠨ ᠤ᠋ ᠬᠦᠷᠳᠦ ᠵᠡᠷᠭᠡ ᠪᠡᠷ ᠴᠢᠮᠡᠭᠰᠡᠨ ᠪᠠ ᠬᠦᠵᠦᠭᠦᠨ ᠳ᠋ᠦ᠍ᠨᠢ ᠣᠯᠠᠨ ᠥᠩᠭᠡ ᠶ᠋ᠢᠨ ᠲᠣᠷᠭ᠎ᠠ ᠲᠠᠢ ᠨᠠᠪᠰᠠᠯᠵᠠᠭᠰᠠᠨ ᠵᠠᠩᠭᠢᠶ᠎ᠠ ᠵᠡᠭᠦᠭᠰᠡᠨ ( ᠵᠢᠷᠤᠭ 90 ) ᠨᠢ ᠪᠦᠷ ᠪᠥᠬᠡᠴᠢᠳ ᠲᠦ᠍ ᠬᠦᠴᠦᠨ ᠴᠢᠳᠠᠯ ᠣᠯᠭᠣᠳᠠᠭ ᠦᠢᠯᠡᠳᠦᠯ ᠲᠡᠢ ᠶᠦᠮ᠃ ᠵᠣᠳᠣᠭᠯᠠᠵᠤ ᠪᠠᠷᠠᠭᠰᠠᠨ ᠪᠥᠬᠡᠴᠢᠳ ᠮᠠᠭᠰᠢᠭᠰᠠᠭᠠᠷ ᠲᠠᠯᠠᠪᠠᠢ ᠳ᠋ᠤ᠌ ᠣᠷᠣᠵᠠᠭᠠᠪᠠ᠃ 
       ᠲᠡᠳᠡᠨ ᠦ᠌ ᠬᠣᠣᠰ ᠤ᠋ᠳ ᠤ᠋ᠨ ᠨᠡᠷᠡᠰ ᠢ᠋ ᠳᠠᠭᠤᠳᠠᠬᠤ ᠶ᠋ᠢᠨ ᠵᠡᠷᠭᠡ ᠬᠣᠶᠠᠭᠤᠯᠠ ᠪᠠᠨ ᠮᠠᠭᠰᠢᠭᠰᠠᠭᠠᠷ ᠮᠠᠢᠬᠠᠨ ᠤ᠋ ᠡᠮᠦᠨ᠎ᠡ ᠬᠦᠷᠴᠦ᠂ ᠨᠣᠶᠠᠳ ᠲᠦᠰᠢᠮᠡᠳ ᠪᠠ ᠪᠥᠬᠡ ᠶ᠋ᠢᠨ ᠵᠠᠰᠠᠭᠤᠯᠴᠢ ᠨᠠᠷ ᠲᠤ᠌ ᠭᠦᠨ ᠪᠥᠬᠥᠢᠨ ᠶᠣᠰᠣᠯᠠᠵᠤ ᠪᠠᠢᠪᠠ ( ᠵᠢᠷᠤᠭ 88 ) ᠃ 
       ᠢᠩᠭᠢᠭᠡᠳ ᠯᠡ ᠪᠥᠬᠡ ᠪᠠᠷᠢᠯᠳᠤᠵᠤ ᠡᠬᠢᠯᠡᠪᠡ ( ᠵᠢᠷᠤᠭ 86 ) ᠃ ᠬᠦᠴᠦᠨ ᠴᠢᠳᠠᠯ ᠡᠷᠴᠢᠯᠡᠭᠰᠡᠨ ᠲᠣᠮᠣ ᠭᠠᠷ ᠢ᠋ᠶ᠋ᠠᠷ ᠢ᠋ᠶ᠋ᠠᠨ ᠨᠥᠭᠦᠭᠡ ᠡᠲᠡᠭᠡᠳ ᠢ᠋ᠶ᠋ᠡᠨ ᠪᠠᠵᠠᠨ ᠠᠪᠴᠤ᠂ ᠢᠳᠡ ᠲᠤᠯᠤᠨ ᠲᠡᠮᠡᠴᠡᠯᠳᠦᠵᠦ᠂ ᠬᠥᠯ ᠢ᠋ᠶ᠋ᠡᠷ ᠢ᠋ᠶ᠋ᠡᠨ ᠭᠣᠬᠠᠳᠠᠬᠤ᠂ ᠬᠠᠪᠰᠤᠷᠬᠤ ᠣᠯᠠᠨ ᠮᠡᠬᠡ ᠬᠡᠷᠡᠭᠯᠡᠨ ᠡᠰᠡᠷᠭᠦ ᠡᠲᠡᠭᠡᠳ ᠢ᠋ᠶ᠋ᠡᠨ ᠤᠨᠠᠭᠠᠬᠤ ᠶ᠋ᠢ ᠤᠷᠤᠯᠳᠤᠵᠤ ᠪᠠᠢᠪᠠ᠃ ᠵᠠᠷᠢᠮ ᠪᠥᠬᠡ ᠨᠦ᠍ᠭᠦᠳ ᠨᠢ ᠳᠣᠣᠷᠠᠬᠠᠨ ᠢ᠋ᠶ᠋ᠠᠨ ᠡᠰᠡᠷᠭᠦ ᠡᠲᠡᠭᠡᠳ ᠦ᠋ᠨ ᠡᠮᠵᠡᠭ ᠲᠠᠯ᠎ᠠ ᠶ᠋ᠢ ᠣᠯᠤᠨ ᠠᠪᠴᠤ ᠭᠠᠵᠠᠷ ᠲᠤ᠌ ᠬᠠᠶᠠᠭᠠᠳ ᠮᠠᠭᠰᠢᠭᠰᠠᠭᠠᠷ ᠪᠥᠬᠡ ᠶ᠋ᠢᠨ ᠵᠠᠰᠠᠭᠤᠯᠴᠢ ᠠ᠋ᠴᠠ ᠨᠢᠭᠡ ᠠᠶᠠᠭ᠎ᠠ ᠠᠢᠷᠠᠭ ᠠᠪᠴᠤ᠂ ᠲᠡᠭᠷᠢ ᠵᠦᠭ ᠢᠳᠠᠮᠯᠠᠨ ᠢᠯᠠᠯᠲᠠ ᠣᠯᠤᠭᠰᠠᠨ ᠳ᠋ᠠᠭᠠᠨ ᠲᠠᠯᠠᠷᠬᠠᠬᠤ ᠠᠵᠢ᠃ ᠨᠥᠭᠦᠭᠡ ᠰᠢᠷᠣᠢ ᠶ᠋ᠢᠨ ᠪᠥᠬᠡ ᠨᠢ ᠲᠣᠭᠣᠷᠢᠨ ᠰᠠᠭᠤᠭᠰᠠᠨ ᠨᠠᠢᠵᠠ ᠨᠥᠬᠥᠳ ᠦ᠋ᠨ ᠢ᠋ᠶ᠋ᠡᠨ ᠲᠡᠨᠳᠡ ᠬᠦᠷᠴᠦ ᠳᠡᠯᠳᠠᠷᠠᠵᠤ ᠪᠠᠢᠪᠠ᠃ 
       ᠲᠠᠯᠠᠪᠠᠢ ᠳᠡᠭᠡᠷ᠎ᠡ ᠬᠣᠷᠢ ᠢᠯᠡᠭᠦᠦ ᠬᠣᠣᠰ ᠤ᠋ᠳ ᠦᠯᠡᠳᠡᠵᠡᠭᠡᠨ ᠬᠦᠴᠦ ᠰᠢᠯᠭᠠᠬᠤ ᠳ᠋ᠤ᠌ ᠬᠡᠦᠬᠡᠳ ᠵᠠᠯᠠᠭᠤᠴᠤᠳ ᠬᠡᠳᠦᠢᠨ ᠦᠵᠡᠬᠦ ᠳᠤᠷ᠎ᠠ ᠨᠢ ᠠᠯᠳᠠᠷᠠᠨ ᠲᠠᠯᠠᠪᠠᠢ ᠶ᠋ᠢᠨ ᠭᠠᠳᠠᠨ᠎ᠠ ᠭᠠᠷᠤᠨ ᠪᠠᠷᠢᠯᠳᠤᠵᠤ ᠡᠬᠢᠯᠡᠵᠡᠭᠡᠪᠡ᠃ ᠵᠠᠷᠢᠮ ᠦᠵᠡᠭᠴᠢᠳ ᠬᠣᠢᠰᠢ ᠪᠠᠨ ᠬᠠᠷᠠᠵᠠᠭᠠᠨ᠂ ᠤᠤᠬᠠᠢᠯᠠᠨ ᠱᠠᠭᠰᠢᠵᠠᠭᠠᠬᠤ ᠳ᠋ᠤ᠌᠂ ᠴᠡᠷᠢᠭ ᠦ᠋ᠳ ᠬᠦᠷᠴᠦ ᠢᠷᠡᠨ ᠡᠳᠡᠭᠡᠷ ᠢᠷᠡᠭᠡᠳᠦᠢ ᠶ᠋ᠢᠨ ᠪᠥᠬᠡᠴᠢᠳ ᠢ᠋ ᠶᠣᠰᠣ ᠨᠣᠮ ᠲᠠᠢ ᠪᠣᠯᠭᠠᠪᠠ᠃  
       ᠪᠢᠳᠡ ᠪᠦᠲᠦᠨ ᠡᠳᠦᠷ ᠲᠤᠵᠢ ᠬᠤᠷᠴᠠ ᠨᠠᠷᠠᠨ ᠤ᠋ ᠳᠣᠣᠷ᠎ᠠ ᠵᠦᠯᠭᠡᠨ ᠳᠡᠭᠡᠷ᠎ᠡ ᠤᠳᠠᠭᠠᠨ ᠰᠠᠭᠤᠭᠰᠠᠨ ᠠ᠋ᠴᠠ ᠶᠠᠳᠠᠷᠠᠬᠤ ᠶ᠋ᠢᠨ ᠲᠤᠢᠯ ᠳ᠋ᠤ᠌ ᠬᠦᠷᠴᠦ ᠨᠠᠷᠠ ᠰᠢᠩᠭᠡᠬᠦ ᠶ᠋ᠢᠨ ᠦᠶᠡᠰ ᠢ᠋ᠶ᠋ᠡᠷ ᠬᠠᠷᠢᠬᠤ ᠵᠠᠮ ᠢ᠋ᠶ᠋ᠠᠨ ᠡᠯᠭᠦᠨ ᠠᠪᠬᠤ ᠳ᠋ᠤ᠌ ᠨᠠᠭᠠᠳᠤᠮ ᠪᠠᠰᠠ ᠯᠠ ᠲᠡᠭᠦᠰᠦᠭᠡ ᠦᠭᠡᠢ ᠪᠠᠢᠭᠰᠠᠭᠠᠷ᠃ 
       – ᠶᠣᠰᠣᠲᠠᠢ ᠰᠠᠢᠬᠠᠨ ᠮᠣᠩᠭᠣᠯ ᠨᠠᠢᠷ ᠂ ᠮᠣᠩᠭᠣᠯ ᠠᠮᠢᠳᠤᠷᠠᠯ ᠢ᠋ ᠬᠠᠷᠠᠯ᠎ᠠ ᠰᠢᠦ ᠭᠡᠵᠦ ᠰᠸᠸᠳ᠋ᠸᠨ ᠦ᠌ ᠱᠠᠰᠢᠨ ᠰᠤᠷᠲᠠᠯᠴᠢᠯᠠᠭᠴᠢ ᠡᠸᠷᠢᠺᠰᠣᠨ ᠳ᠋ᠤ᠌ ᠪᠢ ᠱᠠᠭᠰᠢᠨ ᠬᠡᠯᠡᠬᠦ ᠳ᠋ᠦ᠍ ᠲᠡᠷᠡ᠄ 
       – ᠲᠡᠢᠮᠦ ᠠ᠋ ! ᠬᠥᠮᠦᠰ ᠴᠦ᠍ ᠪᠢᠳᠡᠨ ᠳ᠋ᠦ᠍ ᠶᠡᠬᠡ ᠨᠠᠢᠷᠰᠠᠭ ᠬᠠᠨᠳᠤᠭᠰᠠᠨ ᠳᠠ ᠭᠡᠯ᠎ᠡ᠃ 
       – ᠲᠡᠳᠡ ᠪᠠᠰᠠ ᠣᠨᠳᠣᠣ ᠪᠠᠢᠳᠠᠭ ᠶᠤᠮ ᠤᠤ ?
       – ᠪᠢᠳᠡ ᠬᠡᠳᠦᠢᠪᠡᠷ ᠵᠥᠪᠬᠡᠨ ᠲᠡᠳᠡᠨ ᠳ᠋ᠦ᠍ ᠲᠤᠰᠠ ᠬᠦᠷᠭᠡᠶ᠎ᠡ ᠭᠡᠵᠦ ᠴᠢᠷᠮᠠᠢᠳᠠᠭ ᠪᠣᠯᠪᠠᠴᠤ ᠴᠢᠯᠠᠭᠤ ᠪᠠᠷ ᠤᠭᠲᠤᠭᠳᠠᠬᠤ ᠤᠴᠢᠷ ᠪᠠᠰᠠ ᠲᠠᠩᠳᠠ ᠭᠠᠷᠤᠭᠠᠳ ᠯᠠ ᠪᠠᠢᠳᠠᠭ ᠰᠢᠦ ᠭᠡᠵᠦ ᠵᠣᠪᠠᠨᠢᠩᠬᠠᠨ ᠬᠠᠷᠢᠭᠤᠯᠤᠯ᠎ᠠ᠃