ᠵᠦᠢᠷ ᠰᠡᠴᠡᠨ ᠦᠭᠡᠨ ᠦ᠌ ᠬᠥᠮᠦᠵᠢᠯ-ᠨᠡᠷ᠎ᠡ ᠲᠥᠷᠥ ᠶ᠋ᠢᠨ ᠲᠤᠬᠠᠢЗүйр цэцэн үгний хүмүүжил-Нэр дөрийн тухай ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡᠨ ᠦ᠌ ᠬᠥᠮᠦᠵᠢᠯ-ᠨᠡᠷ᠎ᠡ ᠲᠥᠷᠥ ᠶ᠋ᠢᠨ ᠲᠤᠬᠠᠢЗүйр цэцэн үгний хүмүүжил-Нэр дөрийн тухай

ᠵᠦᠢᠷ ᠰᠡᠴᠡᠨ ᠦᠭᠡᠨ ᠦ᠌ ᠬᠥᠮᠦᠵᠢᠯ-ᠨᠡᠷ᠎ᠡ ᠲᠥᠷᠥ ᠶ᠋ᠢᠨ ᠲᠤᠬᠠᠢЗүйр цэцэн үгний хүмүүжил-Нэр дөрийн тухай

2024-08-24

556

ᠵᠦᠢᠷ ᠰᠡᠴᠡᠨ ᠦᠭᠡᠨ ᠦ᠌ ᠬᠥᠮᠦᠵᠢᠯ-ᠨᠡᠷ᠎ᠡ ᠲᠥᠷᠥ ᠶ᠋ᠢᠨ ᠲᠤᠬᠠᠢ

   ᠬᠥᠲᠥᠯᠦᠭᠴᠢ᠄ ᠬᠤᠷᠳᠤᠨᠬᠦᠦ 
ᠬᠥᠮᠦᠨ ᠶᠠᠪᠤᠪᠠᠯ ᠨᠡᠷ᠎ᠡ ᠪᠡᠨ ᠭᠠᠯᠠᠭᠤ ᠶᠠᠪᠤᠪᠠᠯ ᠳᠠᠭᠤ ᠪᠠᠨ᠂ᠰᠢᠪᠠᠭᠤ ᠣᠳᠣ ᠪᠠᠨ ᠬᠥᠮᠦᠨ ᠨᠡᠷ᠎ᠡ ᠪᠡᠨ᠂
ᠠᠮᠢ ᠮᠢᠩᠭᠠᠨ ᠯᠠᠩ ᠠᠯᠳᠠᠷ ᠲᠦᠮᠡᠨ ᠯᠠᠩ᠂
ᠮᠥᠷᠥ ᠪᠦᠲᠦᠨ ᠡᠴᠡ ᠨᠡᠷ᠎ᠡ ᠪᠦᠲᠦᠨ ᠲᠡᠭᠡᠶ᠎ᠡ᠂
ᠨᠡᠷ᠎ᠡ ᠪᠡᠨ ᠪᠦᠦ ᠭᠡᠭᠡ ᠬᠦᠨᠳᠦ ᠪᠡᠨ ᠪᠦᠦ ᠠᠯᠲᠠ᠂
ᠨᠡᠷ᠎ᠡ ᠪᠡᠨ ᠬᠠᠭᠤᠯᠬᠤ ᠪᠠᠷ ᠶᠠᠰᠤ ᠪᠠᠨ ᠬᠤᠭᠤᠯ᠂
ᠨᠡᠷ᠎ᠡ ᠣᠯᠬᠤ ᠨᠠᠰᠤᠨ ᠤ᠋ ᠬᠢ ᠶᠠᠰᠤ ᠬᠤᠭᠤᠷᠠᠬᠤ ᠡᠳᠦᠷ ᠦ᠋ᠨ ᠬᠢ᠂
ᠰᠠᠢᠨ ᠨᠡᠷ᠎ᠡ ᠶ᠋ᠢ ᠬᠦᠰᠡᠪᠡᠴᠦ ᠣᠯᠬᠤ ᠳ᠋ᠤ᠌ ᠪᠡᠷᠬᠡ᠂ ᠮᠠᠭᠤ ᠨᠡᠷ᠎ᠡ ᠶ᠋ᠢ ᠬᠠᠰᠤᠪᠠᠴᠤ ᠠᠷᠢᠯᠭᠠᠬᠤ ᠳ᠋ᠤ᠌ ᠪᠡᠷᠬᠡ
ᠠᠯᠲᠠ ᠮᠥᠩᠭᠥ ᠶ᠋ᠢ ᠠᠯᠳᠠᠪᠠᠯ ᠣᠯᠬᠤ ᠳ᠋ᠤ᠌ ᠬᠢᠯᠪᠠᠷ᠂ ᠠᠯᠳᠠᠷ ᠨᠡᠷ᠎ᠡ ᠶ᠋ᠢ ᠠᠯᠳᠠᠪᠠᠯ ᠰᠡᠷᠭᠦᠭᠡᠬᠦ ᠳ᠋ᠦ᠍ ᠪᠡᠷᠬᠡ
ᠲᠦᠮᠡᠨ ᠳ᠋ᠦ᠍ ᠨᠢᠭᠤᠷ ᠢ᠋ᠶ᠋ᠠᠨ ᠲᠦᠢᠮᠡᠷ ᠲᠦ᠍ ᠬᠣᠷᠮᠣᠢ ᠪᠠᠨ᠂
ᠨᠡᠷ᠎ᠡ ᠪᠡᠨ ᠭᠡᠭᠡᠵᠦ ᠨᠢᠭᠤᠷ ᠢ᠋ᠶ᠋ᠠᠨ ᠪᠠᠷᠠᠬᠤ᠂
ᠰᠠᠢᠨ ᠬᠥᠮᠦᠨ ᠨᠡᠷ᠎ᠡ ᠳ᠋ᠦ᠍ ᠪᠡᠨ ᠬᠠᠢᠷᠠᠲᠠᠢ
ᠮᠠᠭᠤ ᠬᠥᠮᠦᠨ ᠪᠡᠶ᠎ᠡ ᠳ᠋ᠦ᠍ ᠪᠡᠨ ᠬᠠᠢᠷᠠᠲᠠᠢ᠂
ᠡᠷᠳᠡᠮ ᠲᠡᠢ ᠬᠥᠮᠦᠨ ᠨᠡᠷ᠎ᠡ ᠪᠡᠨ ᠪᠣᠳᠣᠵᠤ ᠥᠴᠦᠬᠡᠨ ᠬᠥᠮᠦᠨ ᠠᠰᠢᠭ ᠢ᠋ᠶ᠋ᠠᠨ ᠪᠣᠳᠣᠵᠤ᠂
ᠡᠨᠡ ᠪᠡᠶ᠎ᠡ ᠬᠡᠪᠡᠷᠡᠭ ᠡᠷᠬᠢᠮ ᠨᠡᠷ᠎ᠡ ᠮᠥᠩᠬᠡ᠂ ᠦᠬᠦᠬᠦ ᠪᠡᠶ᠎ᠡ ᠦᠯᠡᠳᠡᠬᠦ ᠨᠡᠷ᠎ᠡ᠂
ᠠᠯᠲᠠ ᠬᠡᠳᠦᠢ ᠤᠳᠠᠭᠰᠠᠨ ᠴᠤ᠌ ᠥᠩᠭᠡ ᠨᠢ ᠬᠤᠪᠢᠷᠠᠬᠤ ᠦᠭᠡᠢ ᠠᠯᠳᠠᠷᠲᠠᠨ ᠬᠡᠳᠦᠢ ᠦᠬᠦᠭᠰᠡᠨ ᠴᠦ᠍ ᠨᠡᠷ᠎ᠡ ᠨᠢ ᠮᠠᠷᠲᠠᠭᠳᠠᠬᠤ ᠦᠭᠡᠢ᠂ ᠴᠠᠭᠠᠰᠤᠨ ᠳᠡᠭᠡᠷ᠎ᠡ ᠨᠡᠷ᠎ᠡ ᠲᠡᠢ ᠴᠠᠰᠤᠨ ᠳᠡᠭᠡᠷ᠎ᠡ ᠮᠥᠷ ᠲᠡᠢ᠂
ᠣᠯᠠᠨ ᠳᠤ ᠪᠠᠨ ᠨᠡᠷ᠎ᠡ ᠲᠡᠢ ᠲᠦᠮᠡᠨ ᠳᠤ ᠪᠡᠨ ᠬᠦᠨᠳᠦᠲᠡᠢ
 
   ᠢᠷᠡᠯᠲᠡ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠲᠠᠪᠴᠠᠩ ᠠ᠋ᠴᠠ ᠰᠡᠢᠷᠡᠭᠦᠯᠪᠡ᠃
   ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ
   ᠬᠢᠨᠠᠯᠲᠠ᠄ ᠵᠠᠷᠮᠤᠳ ᠥᠯᠵᠡᠢ