ᠴᠡᠴᠡᠭᠡᠰ - ᠪᠠᠯᠲᠠ-ᠣᠰᠣᠷ ᠤ᠋ᠨ ᠳᠣᠷᠵᠢᠰᠦ᠋ᠷᠦᠩ Цэцэгс -Балт-Усрын Доржсүрэ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠡᠴᠡᠭᠡᠰ - ᠪᠠᠯᠲᠠ-ᠣᠰᠣᠷ ᠤ᠋ᠨ ᠳᠣᠷᠵᠢᠰᠦ᠋ᠷᠦᠩ Цэцэгс -Балт-Усрын Доржсүрэ

ᠴᠡᠴᠡᠭᠡᠰ - ᠪᠠᠯᠲᠠ-ᠣᠰᠣᠷ ᠤ᠋ᠨ ᠳᠣᠷᠵᠢᠰᠦ᠋ᠷᠦᠩ Цэцэгс -Балт-Усрын Доржсүрэ

2024-08-24

298

    ᠪᠠᠯᠲᠠ— ᠣᠰᠣᠷ ᠤ᠋ᠨ ᠳᠣᠷᠵᠢᠰᠦ᠋ᠷᠦᠩ 

ᠥᠩᠭᠡ ᠥᠩᠭᠡ ᠶ᠋ᠢᠨ 
ᠴᠡᠴᠡᠭ ᠦ᠋ᠨ ᠳᠤᠮᠳᠠ ᠠ᠋ᠴᠠ 
ᠦᠶ᠎ᠡ ᠳᠠᠩ ᠤ᠋ᠨ  
ᠨᠠᠢᠵᠠ ᠪᠠᠨ ᠣᠯᠬᠤ ᠤᠤ? 
ᠦᠶ᠎ᠡ ᠳᠠᠩ ᠤ᠋ᠨ 
ᠨᠠᠢᠵᠠ ᠨᠤᠭᠤᠳ ᠳᠤᠮᠳᠠ ᠠ᠋ᠴᠠ 
ᠥᠩᠭᠡ ᠥᠩᠭᠡ ᠶ᠋ᠢᠨ 
ᠴᠡᠴᠡᠭ ᠢ᠋ ᠣᠯᠬᠤ ᠤᠤ?
ᠶᠠᠮᠠᠷ ᠠᠳᠠᠯᠢᠬᠠᠨ ᠶᠤᠮ ᠪᠣᠢ?
ᠢᠯᠭᠠᠬᠤ ᠶ᠋ᠢᠨ ᠠᠷᠭ᠎ᠠ ᠦᠭᠡᠢ᠂

ᠰᠠᠢᠬᠠᠨ ᠲᠥᠷᠥᠭᠰᠡᠨ ᠲᠡᠳᠡᠨ ᠢ᠋
ᠰᠠᠯᠭᠠᠬᠤ ᠶ᠋ᠢᠨ ᠠᠷᠭ᠎ᠠ ᠦᠭᠡᠢ᠃
ᠦᠶ᠎ᠡ ᠶ᠋ᠢᠨ ᠣᠯᠠᠨ
ᠨᠠᠢᠵᠠ ᠨᠤᠭᠤᠳ ᠮᠠᠨᠢ
ᠬᠥᠮᠦᠨ ᠦ᠌ ᠰᠠᠢᠬᠠᠨ
ᠴᠡᠴᠡᠭᠡᠰ ᠶᠦᠮ ᠪᠠᠢᠨ᠎ᠠ᠂
ᠥᠩᠭᠡ ᠶ᠋ᠢᠨ ᠣᠯᠠᠨ
ᠴᠡᠴᠡᠭᠡᠰ ᠮᠠᠨᠢ
ᠳᠡᠯᠡᠬᠡᠢ ᠶ᠋ᠢᠨ ᠰᠠᠢᠬᠠᠨ
ᠨᠥᠬᠥᠳ ᠶᠦᠮ ᠪᠠᠢᠨ᠎ᠠ᠃
         1973 ᠣᠨ

   ᠦᠰᠦᠭ ᠠᠮᠢᠯᠠᠭᠤᠯᠤᠭᠴᠢ᠄ ᠠ᠋᠂ ᠭᠤᠸ᠎ᠠ
   ᠬᠢᠨᠠᠭᠴᠢ᠄ ᠰᠡᠬᠡᠭᠡᠷᠡᠯ᠂ ᠣᠳᠬᠠᠨᠰᠣ᠎ᠠ