ᠵᠦᠢᠷ ᠰᠡᠴᠡᠨ ᠦᠭᠡᠨ ᠦ᠌ ᠬᠥᠮᠦᠵᠢᠯ-ᠠᠴᠢᠯᠠᠯ ᠵᠢᠷᠤᠮ ᠤ᠋ᠨ ᠲᠤᠬᠠᠢ Зүйр цэцэн үгний хүмүүжил-Ачилал журмын тухай
ᠵᠦᠢᠷ ᠰᠡᠴᠡᠨ ᠦᠭᠡᠨ ᠦ᠌ ᠬᠥᠮᠦᠵᠢᠯ-ᠠᠴᠢᠯᠠᠯ ᠵᠢᠷᠤᠮ ᠤ᠋ᠨ ᠲᠤᠬᠠᠢ
— ᠠᠴᠢᠯᠠᠯ ᠵᠢᠷᠤᠮ ᠤ᠋ᠨ ᠲᠤᠬᠠᠢ
ᠬᠥᠲᠥᠯᠦᠭᠴᠢ᠄ ᠬᠤᠷᠳᠤᠨᠬᠦᠦ
ᠤᠰᠤ ᠶ᠋ᠢ ᠨᠢ ᠤᠤᠭᠤᠪᠠᠯ ᠡᠬᠢ ᠶ᠋ᠢ ᠨᠢ ᠪᠦᠦ ᠮᠠᠷᠲᠠ ᠭᠡᠳᠡᠭ ᠢ᠋ᠶ᠋ᠡᠷ
ᠬᠥᠮᠦᠨ ᠮᠠᠭᠤ ᠪᠣᠯᠪᠠᠴᠤ ᠵᠢᠷᠤᠮ ᠲᠠᠢ ᠨᠢ ᠳᠡᠭᠡᠷ᠎ᠡ
ᠨᠣᠬᠠᠢ ᠮᠠᠭᠤ ᠪᠣᠯᠪᠠᠴᠤ ᠰᠡᠭᠦᠯ ᠲᠡᠢ ᠨᠢ ᠳᠡᠭᠡᠷ᠎ᠡ
ᠪᠢᠲᠡᠭᠡᠢ
ᠠᠪᠠᠯᠠᠵᠤ ᠪᠠᠷᠠᠭᠠᠳ ᠨᠣᠬᠠᠢ ᠪᠠᠨ
ᠠᠯᠠᠯᠳᠤᠵᠤ ᠪᠠᠷᠠᠭᠠᠳ ᠵᠠᠩᠵᠤᠨ ᠢ᠋ᠶ᠋ᠠᠨ
ᠤᠰᠤ ᠪᠠᠨ ᠭᠠᠷᠤᠭᠠᠳ ᠣᠩᠭᠣᠴᠠ ᠪᠠᠨ
ᠭᠣᠣᠯ ᠢ᠋ᠶ᠋ᠠᠨ ᠭᠠᠷᠤᠭᠠᠳ ᠬᠥᠭᠥᠷᠭᠡ ᠪᠡᠨ ᠭᠡᠳᠡᠭ ᠢ᠋ᠶ᠋ᠡᠷ
ᠵᠢᠳᠬᠦᠭᠰᠡᠨ ᠦᠬᠡᠷ ᠦ᠋ᠨ ᠵᠢᠷᠦᠬᠡ ᠶ᠋ᠢ ᠰᠤᠭᠤᠯᠵᠤ
ᠢᠳᠡᠭᠰᠡᠨ ᠬᠤᠤᠳᠤᠭ ᠲᠤ ᠪᠠᠨ ᠪᠠᠭᠠᠵᠤ
ᠢᠲᠡᠭᠡᠭᠰᠡᠨ ᠬᠥᠮᠦᠨ ᠢ᠋ᠶ᠋ᠡᠨ ᠭᠣᠮᠣᠳᠠᠭᠠᠬᠤ
ᠬᠥᠮᠦᠨ ᠦ᠌ ᠲᠤᠰᠠ ᠬᠢᠭᠰᠡᠨ ᠨᠢ ᠮᠠᠷᠲᠠᠭᠳᠠᠵᠤ
ᠲᠣᠳᠬᠠᠷ ᠬᠢᠭᠰᠡᠨ ᠨᠢ ᠮᠠᠷᠲᠠᠭᠳᠠᠬᠤ ᠦᠭᠡᠢ
ᠭᠡᠳᠡᠭ ᠪᠣᠯ ᠮᠠᠭᠤᠬᠠᠢ ᠡᠢᠮᠦ ᠡᠴᠡ
ᠮᠠᠭᠤ ᠶ᠋ᠢ ᠨᠢ ᠮᠠᠷᠲᠠ
ᠰᠠᠢᠨ ᠢ᠋ ᠨᠢ ᠰᠠᠨᠠ
ᠬᠥᠮᠦᠨ ᠳ᠋ᠦ᠍ ᠲᠤᠰᠠᠯᠠᠭᠰᠠᠨ ᠢ᠋ᠶ᠋ᠠᠨ ᠮᠠᠷᠲᠠ
ᠬᠥᠮᠦᠨ ᠢ᠋ᠶ᠋ᠡᠷ ᠲᠤᠰᠠᠯᠠᠭᠤᠯᠤᠭᠰᠠᠨ ᠢ᠋ᠶ᠋ᠠᠨ ᠪᠦᠦ ᠮᠠᠷᠲᠠ
ᠪᠤᠰᠤᠳ ᠤ᠋ᠨ ᠮᠢᠩᠭᠠᠨ ᠮᠠᠭᠤ ᠶ᠋ᠢ ᠪᠦᠦ ᠴᠡᠭᠡᠵᠢᠯᠡ
ᠪᠤᠰᠤᠳ ᠤ᠋ᠨ ᠨᠢᠭᠡ ᠰᠠᠢᠨ ᠢ᠋ ᠪᠦᠦ ᠮᠠᠷᠲᠠ
ᠲᠤᠰᠠ ᠶ᠋ᠢ ᠤᠰᠤ ᠪᠠᠷ
ᠠᠴᠢ ᠶ᠋ᠢ ᠪᠠᠴᠢ ᠪᠠᠷ ᠭᠡᠳᠡᠭ ᠢ᠋ᠶ᠋ᠡᠷ
ᠬᠥᠮᠦᠨ ᠦ᠌ ᠬᠦᠴᠦ ᠪᠡᠷ ᠬᠥᠮᠦᠨ ᠪᠣᠯᠴᠢᠬᠠᠭᠠᠳ
ᠬᠦᠷᠵᠡ ᠶ᠋ᠢ ᠨᠢ ᠵᠢᠭᠡᠯᠡᠶ᠎ᠡ ᠭᠡᠬᠦᠯᠡᠷ ᠡᠰᠢ ᠨᠢ ᠬᠤᠭᠤᠷᠠᠪᠠ ᠭᠡᠬᠦ ᠭᠡᠳᠡᠭ ᠪᠣᠯ ᠪᠠᠰᠠ ᠮᠠᠭᠤᠬᠠᠢ ᠡᠢᠮᠦ ᠡᠴᠡ
ᠠᠮᠤᠷ ᠲᠤ ᠮᠡᠨᠳᠦ ᠶ᠋ᠢᠨ ᠬᠠᠷᠢᠭᠤ ᠲᠠᠢ
ᠠᠶᠠᠭᠠᠨ ᠳ᠋ᠤ᠌ ᠰᠢᠨᠠᠭᠠᠨ ᠤ᠋ ᠬᠠᠷᠢᠭᠤ ᠲᠠᠢ
ᠠᠴᠢᠲᠠᠢ ᠬᠥᠮᠦᠨ ᠦ᠌ ᠠᠴᠢ ᠶ᠋ᠢ ᠬᠠᠷᠢᠭᠤᠯᠵᠤ
ᠲᠤᠰᠠ ᠲᠠᠢ ᠬᠥᠮᠦᠨ ᠦ᠌ ᠲᠤᠰᠠ ᠶ᠋ᠢ ᠭᠦᠢᠴᠡᠳᠬᠡᠵᠦ ᠶᠠᠪᠤ ᠤᠴᠢᠷ ᠨᠢ
ᠵᠤᠳ ᠨᠢᠭᠡ ᠵᠢᠯ ᠦ᠋ᠨ ᠬᠢ
ᠵᠢᠷᠤᠮ ᠮᠢᠩᠭᠠᠨ ᠵᠢᠯ ᠦ᠋ᠨ ᠬᠢ᠃
ᠢᠷᠡᠯᠲᠡ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠲᠠᠪᠴᠠᠩ ᠠ᠋ᠴᠠ ᠰᠡᠢᠷᠡᠭᠦᠯᠪᠡ
ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ
ᠬᠢᠨᠠᠯᠲᠠ ᠪᠠᠭᠰᠢ᠄ ᠭᠠᠷᠮ᠎ᠠ
