ᠵᠦᠢᠷ ᠰᠡᠴᠡᠨ ᠦᠭᠡᠨ ᠦ᠌ ᠬᠥᠮᠦᠵᠢᠯ-ᠠᠯᠵᠠᠭᠤᠷᠠᠯ ᠪᠣᠯ ᠳᠣᠷᠣᠢᠲᠠᠯЗүйр цэцэн үгний хүмүүжил-Алжуурал бол доройтол ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡᠨ ᠦ᠌ ᠬᠥᠮᠦᠵᠢᠯ-ᠠᠯᠵᠠᠭᠤᠷᠠᠯ ᠪᠣᠯ ᠳᠣᠷᠣᠢᠲᠠᠯЗүйр цэцэн үгний хүмүүжил-Алжуурал бол доройтол

ᠵᠦᠢᠷ ᠰᠡᠴᠡᠨ ᠦᠭᠡᠨ ᠦ᠌ ᠬᠥᠮᠦᠵᠢᠯ-ᠠᠯᠵᠠᠭᠤᠷᠠᠯ ᠪᠣᠯ ᠳᠣᠷᠣᠢᠲᠠᠯЗүйр цэцэн үгний хүмүүжил-Алжуурал бол доройтол

2024-08-22

629

ᠵᠦᠢᠷ ᠰᠡᠴᠡᠨ ᠦᠭᠡᠨ ᠦ᠌ ᠬᠥᠮᠦᠵᠢᠯ-ᠠᠯᠵᠠᠭᠤᠷᠠᠯ ᠪᠣᠯ ᠳᠣᠷᠣᠢᠲᠠᠯ

   ᠬᠥᠲᠥᠯᠦᠭᠴᠢ᠄ ᠬᠤᠷᠳᠤᠨᠬᠦᠦ 
ᠵᠠᠯᠬᠠᠭᠤ ᠠ᠋ᠴᠠ ᠵᠠᠶᠠᠭ᠎ᠠ ᠵᠠᠢᠯᠠᠨ᠎ᠠ ᠬᠥᠨᠳᠡᠯᠡᠨ ᠪᠤᠶᠠᠨ ᠬᠥᠯ ᠳᠣᠣᠷ᠎ᠠ ᠠ᠋ᠴᠠ ᠪᠣᠰᠬᠤ᠂ 
ᠣᠢᠷ᠎ᠠ ᠶ᠋ᠢᠨ ᠵᠠᠯᠬᠠᠭᠤ ᠬᠣᠯᠠ ᠶ᠋ᠢᠨ ᠵᠣᠪᠠᠯᠠᠩ ᠠᠯᠵᠠᠭᠤᠷᠠᠭᠰᠠᠨ ᠤ᠋ ᠦᠷ᠎ᠡ ᠳ᠋ᠦ᠍ ᠭᠤᠨᠢᠭ ᠵᠣᠪᠠᠯᠠᠩ  ᠠᠵᠢᠯᠯᠠᠭᠰᠠᠨ ᠤ᠋ ᠦᠷ᠎ᠡ ᠳ᠋ᠦ᠍ ᠪᠠᠶᠠᠷ ᠵᠢᠷᠭᠠᠯ᠂  
ᠠᠷᠭᠠᠯ ᠤ᠋ᠨ ᠭᠠᠯ ᠠ᠋ᠴᠠ ᠢᠯᠴᠢ ᠭᠠᠷᠤᠨ᠎ᠠ ᠠᠵᠢᠯ ᠬᠥᠳᠡᠯᠮᠦᠷᠢ ᠡᠴᠡ ᠵᠢᠷᠭᠠᠯ ᠣᠯᠤᠨ᠎ᠠ᠂ 
ᠠᠵᠢᠯ ᠬᠢᠵᠦ ᠬᠥᠮᠦᠨ ᠪᠣᠯᠳᠠᠭ ᠠᠷᠤ ᠳᠠᠪᠠᠵᠤ ᠬᠦᠯᠦᠭ ᠪᠣᠯᠳᠠᠭ᠂ 
ᠨᠠᠷᠠᠨ ᠤ᠋ ᠭᠡᠷᠡᠯ ᠡᠭᠦᠯᠡ ᠦᠭᠡᠢ ᠪᠣᠯ ᠨᠡᠩ ᠰᠠᠢᠨ ᠨᠠᠰᠤᠨ ᠤ᠋ ᠪᠠᠭ᠎ᠠ ᠳ᠋ᠤ᠌ ᠡᠷᠳᠡᠮ ᠰᠤᠷᠬᠤ ᠳ᠋ᠤ᠌ ᠵᠠᠯᠬᠠᠭᠤ ᠦᠭᠡᠢ ᠪᠣᠯ ᠳᠠᠩᠴᠤ ᠰᠠᠢᠨ᠂ 
ᠡᠷᠬᠢᠮ ᠦ᠋ᠨ ᠳᠡᠭᠡᠳᠦ ᠬᠥᠳᠡᠯᠮᠦᠷᠢ ᠡᠷᠳᠡᠮ ᠦ᠋ᠨ ᠳᠡᠭᠡᠳᠦ ᠪᠢᠴᠢᠭ᠂ 
ᠰᠤᠷᠬᠤ ᠳ᠋ᠤ᠌ ᠪᠦᠦ ᠵᠠᠯᠬᠠᠭᠤᠷᠠ ᠰᠤᠷᠭᠠᠬᠤ ᠳ᠋ᠤ᠌ ᠪᠦᠦ ᠬᠠᠯᠠᠰᠢᠷᠠ᠂ 
ᠬᠥᠮᠦᠨ ᠦ᠌ ᠰᠠᠢᠬᠠᠨ ᠬᠤᠪᠴᠠᠰᠤᠨ ᠳ᠋ᠤ᠌ ᠦᠭᠡᠢ ᠬᠦᠯᠦᠭ ᠦ᠋ᠨ ᠰᠠᠢᠬᠠᠨ ᠡᠮᠡᠭᠡᠯ ᠳ᠋ᠦ᠍ ᠦᠭᠡᠢ᠂ ᠬᠥᠳᠡᠯᠮᠦᠷᠢ ᠬᠥᠮᠦᠨ ᠢ᠋ ᠴᠢᠮᠡᠨ᠎ᠡ ᠬᠥᠷᠥᠰᠥ ᠭᠠᠵᠠᠷ ᠢ᠋ ᠪᠦᠷᠬᠦᠨ᠎ᠡ᠂
ᠬᠥᠳᠡᠯᠪᠡᠯ ᠨᠢᠭᠡ ᠶ᠋ᠢ ᠪᠦᠲᠦᠭᠡᠳᠡᠭ ᠰᠠᠭᠤᠪᠠᠯ ᠨᠢᠭᠡ ᠡᠴᠡ ᠬᠣᠴᠣᠷᠳᠠᠭ᠂
ᠰᠠᠭᠤᠵᠤ ᠵᠢᠷᠭᠠᠬᠤ ᠪᠠᠷ ᠶᠠᠪᠤᠵᠤ ᠵᠦᠳᠡᠷᠡ ᠵᠦᠭᠡᠷ ᠰᠠᠭᠤᠬᠤ ᠪᠠᠷ ᠵᠦᠯᠭᠦᠵᠦ ᠰᠠᠭᠤ ᠵᠦᠯᠴᠠᠢᠵᠤ ᠰᠠᠭᠤᠬᠤ ᠪᠠᠷ ᠶᠠᠷᠢᠯᠴᠠᠵᠤ ᠰᠠᠭᠤ ᠬᠥᠳᠡᠯᠮᠦᠷᠢ ᠰᠠᠢᠲᠠᠢ ᠪᠣᠯ ᠬᠥᠭᠵᠢᠬᠦ ᠶ᠋ᠢᠨ ᠲᠡᠮᠳᠡᠭ ᠬᠥᠩᠭᠡᠮᠰᠦᠭ ᠵᠠᠩ ᠲᠠᠢ ᠪᠣᠯ ᠨᠡᠢᠴᠡᠬᠦ ᠶ᠋ᠢᠨ ᠲᠡᠮᠳᠡᠭ᠂
ᠠᠮᠢᠳᠤᠷᠠᠯ ᠤ᠋ᠨ ᠰᠠᠢᠨ ᠠᠵᠢᠯᠯᠠᠬᠤ ᠳ᠋ᠤ᠌ ᠪᠠᠢᠳᠠᠭ ᠠᠭᠲᠠ ᠶ᠋ᠢᠨ ᠰᠠᠢᠨ ᠡᠳ᠋ᠯᠡᠬᠦ ᠳ᠋ᠦ᠍ ᠪᠠᠢᠳᠠᠭ᠂
ᠴᠡᠴᠡᠭ ᠨᠠᠪᠴᠢ ᠰᠢᠷᠣᠢ ᠳ᠋ᠤ᠌ ᠤᠷᠭᠤᠨ᠎ᠠ ᠴᠡᠩᠭᠡᠯᠲᠦ ᠠᠮᠢᠳᠤᠷᠠᠯ ᠬᠥᠳᠡᠯᠮᠦᠷᠢ ᠡᠴᠡ ᠢᠷᠡᠨ᠎ᠡ᠃
   ᠢᠷᠡᠯᠲᠡ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠲᠠᠪᠴᠠᠩ ᠠ᠋ᠴᠠ ᠰᠡᠢᠷᠡᠭᠦᠯᠪᠡ᠃ 
   ᠦᠰᠦᠭ ᠠᠮᠢᠯᠠᠭᠤᠯᠤᠭᠰᠠᠨ ᠨᠢ᠄     ᠴᠢ᠊· ᠤᠷᠠᠨᠴᠡᠴᠡᠭ
   ᠬᠢᠨᠠᠯᠲᠠ᠄ ᠵᠠᠷᠮᠤᠳ ᠥᠯᠵᠡᠢ