ᠵᠦᠢᠷ ᠰᠡᠴᠡᠨ ᠦᠭᠡᠨ ᠦ᠌ ᠬᠥᠮᠦᠵᠢᠯ-ᠠᠮᠠ ᠪᠠᠨ ᠬᠢᠴᠢᠶᠡЗүйр цэцэн үгний хүмүүжил-Амаа хичээ
ᠵᠦᠢᠷ ᠰᠡᠴᠡᠨ ᠦᠭᠡᠨ ᠦ᠌ ᠬᠥᠮᠦᠵᠢᠯ-ᠠᠮᠠ ᠪᠠᠨ ᠬᠢᠴᠢᠶᠡ
— ᠠᠮᠠ ᠪᠠᠨ ᠬᠢᠴᠢᠶᠡ
ᠬᠥᠲᠥᠯᠦᠭᠴᠢ ᠬᠤᠷᠳᠤᠨᠬᠦᠦ
ᠠᠮᠠᠨ ᠤ᠋ ᠪᠤᠵᠠᠷ ᠠᠳᠠᠭ ᠤ᠋ᠨ ᠪᠤᠵᠠᠷ
ᠢᠷᠦᠭᠡᠯ ᠦ᠋ᠨ ᠦᠵᠦᠭᠦᠷ ᠲᠦ᠍ ᠲᠣᠰᠣ ᠬᠠᠷᠢᠶᠠᠯ ᠤ᠋ᠨ ᠦᠵᠦᠭᠦᠷ ᠲᠦ᠍ ᠴᠢᠰᠤ᠂
ᠵᠣᠳᠣᠬᠤ ᠶ᠋ᠢᠨ ᠮᠠᠭᠤ ᠴᠢᠮᠬᠢᠬᠦ ᠬᠡᠯᠡᠬᠦ ᠶ᠋ᠢᠨ ᠮᠠᠭᠤ ᠵᠦᠬᠡᠬᠦ᠂
ᠬᠣᠣᠷᠲᠤ ᠰᠤᠮᠤ ᠪᠠᠷ ᠨᠢᠭᠡ ᠶ᠋ᠢ ᠠᠯᠠᠳᠠᠭ ᠬᠣᠣᠷᠤᠨ ᠦᠭᠡ ᠪᠡᠷ ᠮᠢᠩᠭ᠎ᠠ ᠶ᠋ᠢ ᠠᠯᠠᠳᠠᠭ᠂
ᠠᠮᠠᠨ ᠳ᠋ᠤ᠌ ᠪᠠᠨ ᠳᠠᠪᠠᠭ᠎ᠠ ᠦᠭᠡᠢ ᠬᠡᠯᠡᠨ ᠳ᠋ᠦ᠍ ᠪᠡᠨ ᠬᠡᠮᠵᠢᠶ᠎ᠡ ᠦᠭᠡᠢ
ᠬᠡᠯᠡᠬᠦ ᠦᠭᠡᠨ ᠳ᠋ᠦ᠍ ᠪᠡᠨ ᠬᠡᠪᠴᠢᠶ᠎ᠡ ᠲᠡᠢ ᠬᠢᠬᠦ ᠠᠵᠢᠯ ᠳ᠋ᠤ᠌ ᠪᠠᠨ ᠬᠡᠮᠵᠢᠶ᠎ᠡ ᠲᠡᠢ ᠪᠠᠢ᠂
ᠬᠠᠭᠠᠴᠠᠰᠢ ᠦᠭᠡᠢ ᠬᠠᠨᠢ ᠨᠥᠬᠥᠷ ᠲᠦ᠍ ᠮᠠᠷᠲᠠᠭᠳᠠᠰᠢ ᠦᠭᠡᠢ ᠮᠠᠭᠤ ᠦᠭᠡ ᠪᠦᠦ ᠬᠡᠯᠡ᠂ ᠮᠡᠰᠡ ᠶ᠋ᠢᠨ ᠰᠢᠷᠬ᠎ᠠ ᠡᠳᠡᠭᠡᠷᠡᠬᠦ ᠳ᠋ᠦ᠍ ᠬᠢᠯᠪᠠᠷ ᠦᠭᠡᠨ ᠦ᠌ ᠰᠢᠷᠬ᠎ᠠ ᠡᠳᠡᠭᠡᠷᠡᠬᠦ ᠳ᠋ᠦ᠍ ᠪᠡᠷᠬᠡ
ᠮᠣᠳᠣ ᠪᠠᠷ ᠴᠣᠬᠢᠬᠤ ᠪᠡᠶ᠎ᠡ ᠡᠪᠡᠳᠦᠨ᠎ᠡ ᠦᠭᠡ ᠪᠡᠷ ᠴᠣᠬᠢᠬᠤ ᠳ᠋ᠤ᠌ ᠶᠠᠰᠤ ᠡᠪᠡᠳᠦᠨ᠎ᠡ᠂
ᠪᠣᠯᠤᠭ᠎ᠠ ᠦᠭᠡᠢ ᠮᠢᠬ᠎ᠠ ᠢᠳᠡᠪᠡᠯ ᠬᠣᠳᠣᠭᠣᠳᠣᠨ ᠳ᠋ᠤ᠌ ᠭᠡᠮ ᠲᠡᠢ ᠪᠣᠯᠬᠤ ᠪᠣᠯᠬᠤ ᠦᠭᠡᠢ ᠦᠭᠡ ᠬᠡᠯᠡᠪᠡᠯ ᠥᠪᠡᠷ ᠲᠦ᠍ ᠭᠡᠮ ᠲᠡᠢ᠂
ᠠᠮᠠ ᠪᠠᠨ ᠬᠢᠴᠢᠶᠡᠬᠦ ᠦᠭᠡᠢ ᠪᠣᠯ ᠭᠠᠢ ᠲᠠᠲᠠᠬᠤ ᠭᠠᠯ ᠢ᠋ᠶ᠋ᠠᠨ ᠬᠢᠴᠢᠶᠡᠬᠦ ᠦᠭᠡᠢ ᠪᠣᠯ ᠭᠠᠮᠰᠢᠭ ᠪᠣᠯᠬᠤ᠂ ᠠᠮᠠᠨ ᠪᠡᠯᠭᠡ ᠬᠠᠮᠢᠭᠠᠰᠢ ᠪᠠᠨ ᠪᠣᠯ ᠠᠰᠢᠳᠠ ᠶ᠋ᠢᠨ ᠪᠡᠯᠭᠡ ᠲᠠᠢᠰᠢ ᠪᠠᠨ
ᠠᠮᠠᠨ ᠪᠡᠯᠭᠡ ᠡᠴᠡ ᠠᠰᠢᠳᠠ ᠶ᠋ᠢᠨ ᠵᠢᠷᠭᠠᠯ ᠭᠡᠳᠡᠭ ᠢ᠋ ᠰᠠᠨᠠᠭᠲᠤᠨ!
ᠢᠷᠡᠯᠲᠡ᠄ ᠠᠷᠤ ᠬᠣᠷᠴᠢᠨ ᠬᠤᠰᠢᠭᠤᠨ ᠤ᠋ ᠬᠠᠮ ᠵᠠᠭᠤᠴᠢᠯᠠᠭᠤᠷ ᠲᠠᠪᠴᠠᠩ ᠠ᠋ᠴᠠ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊· ᠤᠷᠠᠨᠴᠡᠴᠡᠭ
ᠬᠢᠨᠠᠯᠲᠠ᠄ ᠵᠠᠷᠮᠤᠳ ᠥᠯᠵᠡᠢ
