ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠳᠥᠷᠪᠡᠳᠦᠭᠡᠷ ᠪᠦᠯᠦᠭ᠂ ᠨᠠᠢ᠍ᠮᠠ ᠶᠢᠨ ᠠᠭᠤᠯᠠᠨ ᠳᠤ ᠁ (ᠳᠣᠯᠣᠭ᠎ᠠ) Сэрүүхэн тал нутаг–<свис> Вальтер Босгард (Walter Bosshard)- Дөрөвдүгээр бөлөг 7
ᠬᠣᠪᠤᠷᠬᠠᠨ ᠲᠣᠬᠢᠶᠠᠯᠳᠤᠬᠤ 《 ᠵᠢᠭᠠᠰᠤᠨ ᠤ ᠠᠩ 》
- ᠲᠡᠨᠳᠡ ᠲᠡᠭᠡᠭᠡᠳ ᠶᠠᠮᠠᠷ ᠰᠠᠢᠬᠠᠨ ᠶᠠᠭᠤᠮ᠎ᠠ ᠪᠠᠢᠬᠤ ᠪᠣᠢ? ᠭᠡᠵᠦ ᠨᠠᠮᠠᠶ᠋ᠢ ᠠᠰᠠᠭᠤᠬᠤ ᠪᠠᠷ 《ᠤᠰᠤ !》 ᠭᠡᠳ ᠲᠡᠷᠡ ᠲᠦᠳᠡᠭᠡᠯᠵᠡᠰᠭᠢᠭᠰᠡᠨ ᠢ᠋ᠶ᠋ᠡᠨ :
- ᠣᠳᠣ ᠴᠢᠨᠢ ᠤᠯᠠᠭᠠᠨ ᠨᠠᠭᠤᠷ ᠲᠤ᠌ ᠮᠥᠷᠭᠥᠯᠴᠢᠳ ᠴᠤᠭᠯᠠᠷᠠᠵᠤ ᠪᠠᠢᠬᠤ ᠶᠤᠮ ᠠ᠋᠂ ᠭᠣᠶᠣ ᠭᠣᠶᠣ ᠥᠬᠢᠳ ᠪᠠᠢᠬᠤ ᠴᠤ᠌ ᠮᠠᠭᠠᠳ ᠦᠭᠡᠢ ᠰᠢᠦ ᠭᠡᠵᠦ ᠬᠠᠷᠢᠭᠤᠯᠪᠠ᠃
ᠥᠷᠯᠥᠭᠡ ᠡᠷᠲᠡ ᠬᠥᠳᠡᠯᠬᠦ ᠪᠡᠷ ᠪᠣᠯᠪᠠ᠃ ᠮᠢᠨᠦ ᠵᠢᠷᠤᠭ ᠤ᠋ᠨ ᠮᠠᠰᠢᠨ ᠢ᠋ᠶ᠋ᠠᠨ ᠪᠣᠭᠴᠣᠯᠠᠬᠤ ᠶ᠋ᠢ ᠬᠠᠷᠠᠭᠠᠳ ᠮᠠᠰᠢᠨ ᠢ᠋ᠶ᠋ᠠᠨ ᠭᠡᠷ ᠲᠡᠭᠡᠨ ᠬᠠᠶᠠᠬᠤ ᠶ᠋ᠢ ᠭᠤᠶᠤᠵᠤ᠄
- ᠲᠡᠨᠳᠡᠬᠢ ᠯᠠᠮᠠ ᠨᠠᠷ ᠰᠤᠷᠭᠠᠯ ᠰᠤᠷᠲᠠᠯ ᠦᠭᠡᠢ᠂ ᠴᠢᠮᠠᠶ᠋ᠢ ᠴᠢᠯᠠᠭᠤ ᠪᠠᠷ ᠴᠣᠬᠢᠵᠤ ᠴᠤ᠌ ᠮᠠᠭᠠᠳ᠃ ᠲᠡᠭᠡᠪᠡᠯ ᠵᠢᠷᠤᠭ ᠤ᠋ᠨ ᠮᠠᠰᠢᠨ ᠤ᠋ ᠦᠨᠡᠲᠡᠢ ᠰᠢᠯ ᠢ᠋ ᠬᠠᠭᠠᠯᠵᠤ ᠮᠡᠳᠡᠨ᠎ᠡ ᠰᠢᠦ ! ᠭᠡᠯᠡ ᠃
ᠪᠢ ᠲᠡᠭᠦᠨ ᠳ᠋ᠦ᠍ ᠵᠢᠷᠤᠭ ᠤ᠋ᠨ ᠮᠠᠰᠢᠨ ᠢ᠋ᠶ᠋ᠠᠨ ᠪᠣᠭᠴᠣᠨ ᠳ᠋ᠠᠭᠠᠨ ᠯᠠ ᠪᠠᠢᠯᠭᠠᠵᠤ ᠪᠠᠢᠶ᠎ᠠ᠂ ᠭᠡᠷᠡᠯ ᠵᠢᠷᠤᠭ ᠴᠤ᠌ ᠲᠠᠲᠠᠬᠤ ᠦᠭᠡᠢ ᠪᠠᠢᠶ᠎ᠠ ᠭᠡᠵᠦ ᠠᠮᠠᠯᠳᠠᠭᠠᠳ ᠲᠡᠭᠦᠨ ᠤ ᠠᠶ᠎ᠠ ᠶ᠋ᠢ ᠳᠠᠭᠠᠬᠤ ᠦᠭᠡᠢ ᠪᠠᠢᠬᠤ ᠪᠠᠷ ᠴᠢᠷᠮᠠᠢᠭᠰᠠᠨ ᠪᠣᠯᠪᠠᠴᠤ ᠲᠡᠷᠡ᠄
- ᠵᠠ ᠲᠡᠭᠡᠪᠡᠯ ᠪᠢᠳᠡ ᠠᠳᠠ ᠪᠠᠨ ᠯᠠ ᠪᠠᠢᠬᠤ ᠪᠣᠯᠤᠯ᠎ᠠ ᠭᠡᠵᠦ ᠰᠢᠢᠳᠮᠡᠭ ᠶᠠᠷᠢᠭᠠᠳ ᠮᠣᠷᠢᠨ ᠠ᠋ᠴᠠ ᠪᠠᠨ ᠪᠠᠭᠤᠯ᠎ᠠ᠃ ᠶᠠᠮᠠᠷ ᠴᠤ᠌ ᠠᠷᠭ᠎ᠠ ᠦᠭᠡᠢ ᠪᠣᠯᠤᠯ᠎ᠠ᠂ ᠡᠴᠦᠰ ᠲᠦ᠋ᠨᠢ ᠷᠠᠰᠢ ᠮᠢᠨᠦ ᠵᠢᠷᠤᠭ ᠤ᠋ᠨ ᠮᠠᠰᠢᠨ ᠢ᠋ᠶ᠋ᠠᠨ ᠠᠪᠳᠠᠷᠠᠨ ᠳ᠋ᠤ᠌ ᠬᠢᠵᠦ ᠣᠨᠢᠰᠤᠯᠠᠭᠰᠠᠨ ᠢ᠋ ᠪᠠᠲᠤᠲᠠᠢ ᠬᠠᠷᠠᠭᠰᠠᠨ ᠤ᠋ ᠪᠠᠨ ᠳᠠᠷᠠᠭ᠎ᠠ ᠰᠠᠶᠢ ᠳᠠᠬᠢᠨ ᠮᠣᠷᠢᠨ ᠳ᠋ᠠᠭᠠᠨ ᠮᠣᠷᠳᠠᠯ᠎ᠠ᠃
ᠪᠢᠳᠡ ᠨᠠᠢ᠍ᠮᠠ ᠶ᠋ᠢᠨ ᠠᠭᠤᠯᠠ ᠶ᠋ᠢᠨ ᠭᠠᠢᠬᠠᠮᠰᠢᠭᠲᠤ ᠰᠠᠢᠬᠠᠨ ᠨᠤᠲᠤᠭ ᠢ᠋ᠶ᠋ᠠᠷ ᠵᠡᠭᠦᠨᠰᠢ ᠪᠡᠨ ᠬᠠᠲᠠᠷᠢᠭᠤᠯᠪᠠ᠃ ᠠᠭᠤᠯᠠ ᠶ᠋ᠢᠨ ᠡᠩᠭᠡᠷ ᠢ᠋ᠶ᠋ᠡᠷ ᠶᠡᠬᠡ ᠴᠠᠭᠠᠨ ᠴᠠᠨ᠎ᠠ ᠴᠡᠴᠡᠭ ᠦ᠋ᠳ ᠳᠡᠯᠭᠡᠷᠡᠵᠦ᠂ ᠲᠡᠭᠦᠨ ᠦ᠌ ᠳᠤᠮᠳᠠᠬᠢ ᠤᠯᠠᠭᠠᠨ ᠰᠠᠷᠭᠠᠢ ᠥᠩᠭᠡ ᠢᠯᠭᠠᠷᠠᠨ ᠬᠠᠷᠠᠭᠳᠠᠬᠤ ᠪᠥᠭᠡᠳ ᠠᠭᠤᠯᠠ ᠶ᠋ᠢᠨ ᠠᠷᠤ ᠶ᠋ᠢᠨ ᠰᠡᠭᠦᠳᠡᠷ ᠲᠠᠯ᠎ᠠ ᠪᠠᠷ ᠵᠡᠷᠯᠢᠭ ᠴᠠᠩᠬᠤᠢ ᠴᠡᠴᠡᠭ ᠪᠦᠷᠬᠦᠵᠡᠢ᠃ ᠪᠢᠳᠡᠨ ᠢ᠋ ᠠᠭᠤᠯᠠᠨ ᠬᠠᠪᠴᠢᠯ ᠢ᠋ᠶ᠋ᠠᠷ ᠮᠣᠷᠢ ᠪᠠᠨ ᠬᠥᠲᠥᠯᠦᠨ ᠭᠠᠷᠬᠤ ᠳ᠋ᠤ᠌ ᠮᠠᠯ ᠰᠦᠷᠦᠭ ᠦ᠋ᠳ ᠢᠷᠠᠢᠨ ᠪᠡᠯᠴᠢᠭᠰᠡᠨ ᠬᠠᠷᠠᠭ᠎ᠠ ᠮᠣᠬᠣᠭᠣᠮᠠ ᠭᠣᠶᠣ ᠰᠠᠢᠬᠠᠨ ᠨᠤᠲᠤᠭ ᠨᠢᠳᠦᠨ᠎ᠡ ᠲᠣᠳᠣᠷᠠᠪᠠ᠃ ᠬᠠᠶᠠ ᠬᠠᠶᠠ ᠨᠠᠭᠠᠰᠢ ᠴᠠᠭᠠᠰᠢ ᠪᠠᠨ ᠳᠣᠪᠲᠣᠯᠬᠤ ᠮᠠᠯᠴᠢᠳ ᠲᠠᠢ ᠲᠠᠭᠠᠷᠠᠯᠳᠤᠨ ᠵᠣᠯᠭᠠᠭᠠᠳ᠂ ᠲᠦᠷ ᠴᠠᠭ ᠶᠠᠷᠢᠶ᠎ᠠ ᠬᠥᠭᠡᠷᠦᠭᠡ ᠪᠣᠯᠬᠤ ᠳ᠋ᠠᠭᠠ ᠡᠨᠳᠡᠬᠢ ᠰᠣᠨᠢᠨ ᠰᠣᠨᠣᠰᠬᠠᠯ ᠢ᠋ᠶ᠋ᠠᠨ ᠶᠠᠷᠢᠵᠤ ᠭᠠᠷᠤᠨ᠎ᠠ ᠃ ᠮᠥᠨ ᠡᠢᠮᠦᠷᠬᠦᠦ ᠠᠷᠭ᠎ᠠ ᠵᠠᠮ ᠢ᠋ᠶ᠋ᠠᠷ ᠰᠣᠨᠢᠨ ᠰᠡᠪᠡᠭᠦᠨ ᠮᠡᠳᠡᠭᠡ ᠵᠠᠩᠭᠢ ᠨᠤᠭᠤᠳ ᠬᠥᠮᠦᠨ ᠢ᠋ ᠰᠣᠴᠢᠭᠠᠮ᠎ᠠ ᠬᠤᠷᠳᠤᠴᠠ ᠪᠠᠷ ᠲᠠᠯ᠎ᠠ ᠨᠤᠲᠤᠭ ᠲᠤ᠌ ᠲᠠᠷᠬᠠᠵᠤ ᠪᠠᠢᠳᠠᠭ ᠶᠤᠮ᠃ ᠬᠡᠨ ᠡᠳᠡᠭᠡᠷ ᠢ᠋ ᠲᠠᠷᠬᠠᠭᠠᠯ᠎ᠠ ᠭᠡᠬᠦ ᠪᠣᠯ ᠳᠠ! ᠬᠥᠮᠦᠨ ᠪᠣᠯᠭᠠᠨ ᠯᠠ ᠰᠣᠨᠢᠨ ᠰᠣᠨᠣᠰᠬᠠᠯ ᠢ᠋ᠶ᠋ᠠᠨ ᠳᠠᠷᠠᠭᠠᠴᠢ ᠶ᠋ᠢᠨ ᠬᠦᠷᠬᠦ ᠭᠠᠵᠠᠷ ᠲᠠᠭᠠᠨ ᠳᠠᠮᠵᠢᠭᠤᠯᠵᠤ ᠣᠷᠬᠢᠳᠠᠭ ᠠ᠋ᠴᠠ ᠯᠠ ᠪᠣᠯᠤᠭᠰᠠᠨ ᠃ ᠪᠢᠳᠡ ᠪᠠᠷᠤᠭ ᠳᠥᠴᠢᠨ ᠭᠠᠵᠠᠷ ᠢ ᠠᠷᠤ ᠳ᠋ᠠᠭᠠᠨ ᠣᠷᠬᠢᠭᠰᠠᠨ ᠤ᠋ ᠳᠠᠷᠠᠭ᠎ᠠ ᠪᠠᠷ ᠷᠠᠰᠢ ᠠᠭᠤᠯᠠ ᠶ᠋ᠢᠨ ᠣᠷᠣᠢ ᠳᠡᠭᠡᠷᠡᠬᠢ ᠣᠪᠣᠭ᠎ᠠ ᠶ᠋ᠢ ᠵᠢᠭᠠᠭᠠᠳ :
- ᠲᠡᠷᠡ ᠣᠪᠣᠭᠠᠨ ᠤ᠋ ᠠᠷᠤ ᠳ᠋ᠤ᠌ ᠯᠠ ᠤᠯᠠᠭᠠᠨ ᠨᠠᠭᠤᠷ ᠪᠣᠢ᠂ ᠪᠢᠳᠡ ᠤᠳᠠᠯ ᠦᠭᠡᠢ ᠬᠦᠷᠦᠯ᠎ᠡ ᠭᠡᠰᠡᠨ ᠦᠭᠡ ᠭᠡᠯᠡ᠃
ᠵᠠᠮ ᠤ᠋ᠨ ᠬᠠᠵᠠᠭᠤ ᠶ᠋ᠢᠨ ᠡᠪᠡᠰᠦᠨ ᠳᠤᠮᠳᠠ ᠶᠠᠭᠤᠮ᠎ᠠ ᠡᠷᠢᠵᠦ ᠶᠠᠪᠤᠭ᠎ᠠ ᠭᠤᠷᠪᠠᠨ ᠶᠠᠪᠠᠭᠠᠨ ᠬᠥᠮᠦᠨ ᠢ᠋ ᠪᠢ ᠬᠠᠷᠠᠭᠠᠳ ᠤᠴᠢᠷ ᠤᠬᠠᠭᠠᠨ ᠢ᠋ ᠨᠢ ᠣᠯᠬᠤ ᠪᠠᠷ ᠠᠰᠠᠭᠤᠪᠠᠯ ᠲᠡᠷᠡ ᠮᠠᠨᠢ :
- ᠲᠡᠳᠡ ᠴᠢᠨᠢ ᠬᠢᠲᠠᠳ ᠪᠣᠭᠣᠯ ᠤ᠋ᠳ᠂ ᠪᠣᠯᠵᠣᠮᠣᠷ ᠡᠷᠢᠵᠦ ᠶᠠᠪᠤᠭ᠎ᠠ ᠭᠡᠵᠦ ᠦᠯᠦ ᠲᠣᠭᠣᠮᠰᠠᠷᠯᠠᠭᠰᠠᠨ ᠮᠠᠶᠢᠭᠲᠠᠢ ᠬᠠᠷᠢᠭᠤᠯᠪᠠ᠃
- ᠵᠢᠷᠭᠢᠭᠦᠯᠬᠦ ᠪᠡᠷ ᠤᠤ? ᠢᠳᠡᠬᠦ ᠪᠡᠷ ᠤᠤ ?
- ᠬᠢᠲᠠᠳ ᠤ᠋ᠳ ᠤ᠋ᠨ ᠢᠷᠡᠬᠦ ᠨᠢ ᠤᠷᠢᠳ ᠠ᠋ᠴᠠ ᠬᠣᠯᠠ ᠴᠥᠭᠡᠷᠡᠭᠰᠡᠨ ᠠ᠋! ᠪᠡᠭᠡᠵᠢᠩ ᠳ᠋ᠦ᠍ ᠬᠠᠭᠠᠨ ᠰᠠᠭᠤᠵᠤ ᠪᠠᠢᠬᠤ ᠶ᠋ᠢᠨ ᠦᠶ᠎ᠡ ᠳ᠋ᠦ᠍ ᠭᠣᠶᠣ ᠵᠢᠷᠭᠢᠳᠡᠭ ᠪᠣᠯᠵᠣᠮᠣᠷ ᠢ᠋ ᠪᠡᠯᠡᠭ ᠪᠣᠯᠭᠠᠨ ᠠᠪᠠᠴᠢᠳᠠᠭ ᠶᠤᠮ᠃ ᠨᠣᠶᠠᠳ ᠲᠦᠰᠢᠮᠡᠳ ᠪᠦᠷ ᠭᠡᠷ ᠲᠡᠭᠡᠨ ᠬᠡᠳᠦᠨ ᠭᠣᠶᠣ ᠵᠢᠷᠭᠢᠳᠡᠭ ᠪᠣᠯᠵᠣᠮᠣᠷ ᠲᠠᠢ ᠪᠠᠢᠵᠤ᠂ ᠭᠣᠢᠳᠠ ᠰᠠᠢᠬᠠᠨ ᠵᠢᠷᠭᠢᠳᠡᠭ ᠢ᠋ ᠨᠢ ᠥᠨᠳᠥᠷ ᠦᠨ᠎ᠡ ᠥᠭᠴᠦ ᠬᠤᠳᠠᠯᠳᠤᠨ ᠠᠪᠳᠠᠭ᠃ ᠣᠳᠣ ᠬᠠᠭᠠᠨ ᠴᠤ᠌ ᠬᠥᠭᠡᠭᠡᠭᠳᠡᠭᠰᠡᠨ ᠪᠣᠯᠬᠣᠷ ᠬᠢᠲᠠᠳ ᠤ᠋ᠳ ᠣᠨᠳᠣᠣ ᠶᠠᠭᠤᠮ᠎ᠠ ᠬᠤᠳᠠᠯᠳᠤᠨ ᠠᠪᠬᠤ ᠪᠣᠯᠵᠠᠢ᠃ ᠵᠥᠪᠬᠡᠨ ᠨᠢᠭᠡ ᠪᠦᠯᠦᠭ ᠬᠢᠳᠡᠯ ᠦᠭᠡᠢ ᠬᠥᠭᠰᠢᠨ ᠮᠠᠨᠵᠤᠴᠤᠤᠯ ᠪᠠ ᠮᠣᠩᠭᠣᠯᠴᠤᠳ ᠣᠳᠣ ᠪᠣᠯᠲᠠᠯ᠎ᠠ ᠪᠣᠯᠵᠣᠮᠣᠷ ᠬᠤᠳᠠᠯᠳᠤᠨ ᠠᠪᠤᠭᠰᠠᠭᠠᠷ᠃ ᠤᠤᠯ ᠨᠢ ᠵᠠᠭᠤᠨ ᠮᠥᠩᠭᠥᠨ ᠲᠥᠭᠥᠷᠢᠭ ᠢ᠋ᠶ᠋ᠡᠷ ᠨᠢᠭᠡ ᠰᠠᠢᠨ ᠪᠣᠯᠵᠣᠮᠣᠷ ᠠᠪᠳᠠᠭ ᠪᠠᠢᠭᠰᠠᠨ ᠪᠣᠯ ᠣᠳᠣ ᠵᠥᠪᠬᠡᠨ ᠬᠣᠶᠠᠷ ᠪᠤᠶᠤ ᠭᠤᠷᠪᠠᠬᠠᠨ ᠮᠥᠩᠭᠥᠨ ᠲᠥᠭᠥᠷᠢᠭ ᠢ᠋ᠶ᠋ᠡᠷ ᠨᠢᠭᠡ ᠰᠠᠢᠨ ᠵᠢᠷᠭᠢᠳᠡᠭ ᠪᠣᠯᠵᠣᠮᠣᠷ ᠬᠤᠳᠠᠯᠳᠤᠨ ᠠᠪᠬᠤ ᠪᠣᠯᠵᠠᠢ᠃
- ᠶᠠᠭᠤᠨ ᠳ᠋ᠤ᠌ ᠴᠢ ᠲᠡᠳᠡᠨ ᠢ᠋ ᠬᠢᠲᠠᠳ ᠪᠣᠭᠣᠯ ᠭᠡᠵᠦ ᠪᠠᠢᠨ᠎ᠠ ᠪᠣᠢ?
- ᠡᠷᠲᠡ ᠳ᠋ᠡᠭᠡᠨ ᠲᠡᠳᠡ ᠪᠢᠳᠡᠨ ᠦ᠌ ᠪᠣᠭᠣᠯ ᠪᠠᠢᠭᠰᠠᠨ ᠪᠢᠰᠢ ᠶᠦᠮ ᠤᠤ? ᠲᠡᠭᠡᠭᠡᠳ ᠲᠡᠳᠡ ᠪᠢᠰᠢ ᠪᠠᠢᠭᠰᠠᠨ ᠶᠤᠮ ᠪᠣᠯ ᠥᠨᠥᠳᠥᠷ ᠪᠠᠰᠠ ᠶᠠᠪᠠᠭᠠᠨ ᠶᠠᠪᠤᠳᠠᠭ ᠶᠤᠮ ᠤᠤ ? ᠭᠡᠵᠦ ᠦᠯᠦ ᠳᠣᠭᠣᠮᠰᠠᠷᠯᠠᠩᠭᠤᠢ ᠭᠡᠳᠡᠷᠭᠦ ᠠᠰᠠᠭᠤᠯ᠎ᠠ᠃
ᠨᠡᠯᠢᠶᠡᠳ ᠴᠠᠭ ᠬᠡᠷᠡᠭᠯᠡᠨ ᠲᠡᠷᠡ ᠨᠠᠳᠠ ᠳ᠋ᠤ᠌ ᠮᠣᠩᠭᠣᠯ ᠤ᠋ᠨ ᠶᠡᠬᠡ ᠬᠠᠭᠠᠨ ᠤ᠋ ᠲᠤᠬᠠᠢ᠂ ᠪᠦᠬᠦ ᠬᠢᠲᠠᠳ ᠢ᠋ ᠡᠵᠡᠯᠡᠭᠰᠡᠨ ᠵᠢᠴᠢ ᠲᠡᠳᠡᠨ ᠦ᠌ ᠬᠣᠢᠴᠢ ᠨᠠᠷ ᠨᠢ ᠭᠡᠷ ᠨᠤᠲᠤᠭ ᠢ᠋ᠶ᠋ᠠᠨ ᠰᠠᠨᠠᠭᠠᠳ ᠲᠡᠰᠬᠦ ᠦᠭᠡᠢ ᠪᠣᠯᠬᠤ ᠳ᠋ᠠᠭᠠᠨ ᠬᠢᠲᠠᠳ ᠨᠤᠲᠤᠭ ᠢ᠋ ᠣᠷᠬᠢᠵᠤ ᠲᠠᠯ᠎ᠠ ᠨᠤᠲᠤᠭ ᠲᠠᠭᠠᠨ ᠪᠤᠴᠠᠭᠰᠠᠨ ᠲᠤᠬᠠᠢ ᠲᠠᠢᠯᠪᠤᠷᠢᠯᠠᠪᠠ᠃
- ᠴᠢᠨᠦ ᠲᠡᠦᠬᠡ ᠴᠦ᠍ ᠲᠡᠢᠮᠦ ᠣᠨᠣᠪᠴᠢᠲᠠᠢ ᠪᠢᠰᠢ ᠪᠠᠢᠬ᠎ᠠ ᠭᠡᠵᠦ ᠨᠠᠮᠠᠶ᠋ᠢ ᠬᠡᠯᠡᠬᠦ ᠳ᠋ᠦ᠍᠄
- ᠡᠪᠦᠭᠡ ᠮᠠᠨᠢ ᠯᠠ ᠨᠠᠳᠠ ᠳ᠋ᠤ᠌ ᠢᠩᠭᠢᠵᠦ ᠶᠠᠷᠢᠭᠰᠠᠨ᠂ ᠴᠢ ᠡᠭᠦᠨ ᠢ᠋ ᠨᠠᠳᠠ ᠠ᠋ᠴᠠ ᠰᠠᠢᠨ ᠮᠡᠳᠡᠨ᠎ᠡ ᠭᠡᠵᠢ ᠤᠤ? ᠭᠡᠵᠦ ᠳᠤᠷ᠎ᠠ ᠮᠠᠭᠤᠲᠠᠢᠬᠠᠨ ᠶᠠᠷᠢᠭᠠᠳ ᠮᠣᠷᠢ ᠪᠠᠨ ᠰᠢᠪᠡᠲᠡᠯᠡ᠃
ᠵᠠᠮ ᠤ᠋ᠨ ᠠᠭᠤᠯᠵᠠᠷ ᠳᠡᠭᠡᠷ᠎ᠡ ᠮᠥᠨ ᠤᠯᠠᠭᠠᠨ ᠨᠠᠭᠤᠷ ᠵᠦᠭ ᠶᠠᠪᠤᠭ᠎ᠠ ᠬᠣᠶᠠᠷ ᠮᠣᠩᠭᠣᠯ ᠪᠦᠯᠢ ᠲᠡᠢ ᠲᠠᠭᠠᠷᠠᠯᠳᠤᠪᠠ᠃ ᠶᠠᠷᠢᠶ᠎ᠠ ᠬᠥᠭᠡᠷᠦᠭᠡ ᠲᠡᠢ ᠰᠠᠢᠬᠠᠨ ᠵᠠᠯᠠᠭᠤᠴᠤᠳ ᠪᠠᠢᠯ᠎ᠠ᠃ ᠲᠡᠳᠡᠨ ᠢ᠋ ᠨᠠᠭᠠᠳᠤᠮ ᠲᠣᠬᠣᠭᠤ ᠬᠢᠬᠦ ᠳ᠋ᠦ᠍ ᠪᠦᠰᠡᠭᠦᠢᠴᠦᠦᠯ ᠴᠦ᠍ ᠬᠠᠷᠢᠭᠤ ᠠᠪᠴᠤ᠂ ᠨᠠᠢᠷ ᠬᠥᠷ ᠲᠠᠰᠤᠷᠠᠨ᠎ᠠ ᠭᠡᠵᠦ ᠦᠭᠡᠢ᠃ ᠲᠡᠳᠡᠭᠡᠷ ᠪᠦᠰᠡᠭᠦᠢᠴᠦᠦᠯ ᠮᠣᠷᠢᠨ ᠳᠡᠭᠡᠷ᠎ᠡ ᠪᠡᠨ ᠲᠠᠪᠠᠲᠠᠢᠬᠠᠨ ᠰᠠᠭᠠᠲᠠᠵᠤ ( ᠵᠢᠷᠤᠭ 85 ) ᠂ ᠮᠣᠷᠢᠨ ᠤ᠋ ᠬᠢᠨᠢ ᠠᠯᠬᠤᠭ᠎ᠠ ᠪᠠᠷ ᠨᠢ ᠲᠣᠯᠣᠭᠠᠢ ᠳ᠋ᠠᠬᠢ ᠦᠨᠡᠲᠡᠢ ᠳᠠᠷᠤᠭᠤᠯᠭ᠎ᠠ ᠵᠡᠭᠦᠭᠡ ᠨᠢ ᠠᠢᠵᠠᠮ ᠴᠣᠬᠢᠯᠭ᠎ᠠ ᠲᠠᠢ ᠳᠤᠤᠭᠠᠷᠤᠨ᠎ᠠ᠃ ᠲᠡᠳᠡᠨ ᠦ᠌ ᠨᠢᠭᠤᠷ ᠲᠤ᠌ ᠳᠠᠷᠤᠭᠠᠰᠤ ᠦᠭᠡᠢ ᠴᠢᠯᠥᠭᠡᠲᠡᠢ᠂ ᠪᠠᠶᠠᠷ ᠪᠠᠶᠠᠰᠬᠤᠯᠠᠩ ᠲᠠᠢ ᠪᠠᠢᠬᠤ ᠨᠢ ᠲᠣᠳᠣᠷᠬᠠᠢ ᠬᠠᠷᠠᠭᠳᠠᠵᠤ᠂ ᠶᠣᠰᠣᠲᠠᠢ ᠭᠠᠢᠬᠠᠮᠰᠢᠭᠲᠠᠢ ᠬᠠᠷᠠᠭᠳᠠᠨ᠎ᠠ᠃ ᠨᠠᠭᠤᠷ ᠤ᠋ᠨ ᠨᠢᠭᠡ ᠬᠡᠰᠡᠭ ᠬᠠᠷᠠᠭᠳᠠᠬᠤ ᠪᠣᠯᠤᠯ᠎ᠠ᠃ ᠪᠢᠳᠡᠨ ᠢ ᠣᠪᠣᠭᠠᠲᠤ ᠠᠭᠤᠯᠠ ᠶ᠋ᠢᠨ ᠠᠮᠠ ᠪᠠᠷ ᠭᠠᠷᠬᠤ ᠳ᠋ᠤ᠌ ᠨᠢᠳᠦᠨ ᠡᠮᠦᠨ᠎ᠡ ᠭᠡᠨᠡᠳᠲᠡ ᠯᠡ ᠮᠠᠢᠬᠠᠨ ᠢ᠋ᠶ᠋ᠠᠷ ᠪᠦᠲᠦᠭᠰᠡᠨ ᠨᠢᠭᠡᠨ ᠵᠢᠵᠢᠭᠬᠡᠨ ᠬᠣᠲᠠ ᠲᠣᠳᠣᠷᠠᠯ᠎ᠠ᠃ ᠷᠠᠰᠢ ᠮᠣᠷᠢᠳ ᠢ᠋ ᠴᠢᠳᠦᠷᠯᠡᠨ ᠣᠯᠣᠩ ᠢ᠋ ᠨᠢ ᠰᠣᠯᠠᠤᠳᠬᠠᠭᠠᠳ ᠂ ᠨᠠᠳᠠ ᠲᠠᠢ ᠴᠣᠭ ᠨᠠᠭᠤᠷ ᠤ᠋ᠨ ᠬᠥᠪᠡᠭᠡ ᠵᠦᠭ ᠠᠯᠬᠤᠯᠠᠪᠠ᠃ ᠵᠠᠮ ᠲᠤᠷᠰᠢ ᠷᠠᠰᠢ ᠮᠠᠨᠢ ᠲᠠᠨᠢᠯ ᠬᠥᠮᠦᠰ ᠲᠡᠢ ᠪᠡᠨ ᠠᠮᠤᠷ ᠮᠡᠨᠳᠦ ᠮᠡᠳᠡᠯᠴᠡᠨ ᠶᠠᠪᠤᠭᠰᠠᠭᠠᠷ ᠬᠦᠪᠡᠭᠡᠨ᠎ᠡ ᠬᠦᠷᠪᠡ᠃
ᠤᠰᠤᠨ ᠤ᠋ ᠬᠠᠵᠠᠭᠤ ᠳ᠋ᠤ᠌ ᠪᠢ ᠶᠣᠰᠣᠲᠠᠢ ᠯᠠ ᠬᠠᠴᠢᠨ ᠲᠣᠭᠯᠠᠯᠲᠠ ᠶ᠋ᠢ ᠣᠯᠵᠤ ᠬᠠᠷᠠᠯ᠎ᠠ᠃ ᠬᠢᠲᠠᠳ ᠵᠢᠭᠠᠰᠤᠴᠢᠳ ᠨᠢᠭᠲᠠ ᠨᠡᠬᠡᠭᠰᠡᠨ ᠤᠷᠲᠤ ᠲᠣᠣᠷ ᠢ᠋ᠶ᠋ᠠᠷ ᠭᠦᠢᠬᠡᠨ ᠨᠠᠭᠤᠷ ᠤ᠋ᠨ ᠲᠣᠬᠣᠢ ᠶ᠋ᠢ ᠬᠦᠷᠢᠶᠡᠯᠡᠵᠦ ᠲᠠᠯᠪᠢᠭᠠᠳ᠂ ᠡᠨᠡ ᠬᠦᠷᠢᠶᠡᠨ ᠳ᠋ᠡᠬᠢ ᠵᠢᠭᠠᠰᠤ ᠶ᠋ᠢ ᠦᠷᠭᠦᠭᠡᠨ ᠨᠢᠭᠡ ᠪᠤᠯᠤᠩ ᠳ᠋ᠤᠨᠢ ᠣᠷᠣᠭᠤᠯᠵᠤ᠂ ᠨᠥᠭᠦᠭᠡ ᠬᠣᠶᠠᠷ ᠵᠢᠭᠠᠰᠤᠴᠢᠨ ᠨᠢ ᠰᠢᠭᠦᠨ ᠠᠪᠴᠤ ᠬᠠᠭᠤᠷᠠᠢ ᠳ᠋ᠤ᠌ ᠭᠠᠷᠭᠠᠴᠢᠬᠠᠭᠠᠳ ᠮᠣᠩᠭᠣᠯᠴᠤᠳ ᠲᠠᠢ ᠥᠨᠳᠥᠷ ᠳᠠᠭᠤᠨ ᠢ᠋ᠶ᠋ᠠᠷ ᠦᠨ᠎ᠡ ᠬᠠᠶᠠᠯᠴᠠᠨ ᠪᠠᠷᠬᠢᠷᠠᠯᠳᠤᠵᠤ᠂ ᠪᠠᠭ᠎ᠠ ᠰᠢᠭ᠋ ᠵᠢᠷᠠᠭᠠᠬᠠᠢ ᠶ᠋ᠢ ᠭᠤᠴᠢᠨ ᠭᠠᠤᠯᠢᠨ ᠵᠣᠭᠣᠰ ᠢ᠋ᠶ᠋ᠠᠷ᠂ ᠶᠡᠬᠡ ᠰᠢᠭ ᠢ᠋ ᠨᠢ ᠲᠠᠪᠢᠨ ᠭᠠᠤᠯᠢᠨ ᠵᠣᠭᠣᠰ ᠢ᠋ᠶ᠋ᠠᠷ ᠬᠤᠳᠠᠯᠳᠤᠨ᠎ᠠ᠃ ᠬᠤᠳᠠᠯᠳᠤᠨ ᠠᠪᠤᠭᠰᠠᠨ ᠡᠷᠡᠴᠦᠦᠯ ᠪᠦᠰᠡᠭᠦᠢᠴᠦᠦᠯ ᠳᠣᠣᠷ᠎ᠠ ᠪᠠᠨ ᠲᠡᠭᠦᠨ ᠢ᠋ᠶ᠋ᠡᠨ ᠤᠰᠤᠨ ᠳ᠋ᠤᠨᠢ ᠪᠤᠴᠠᠭᠤᠯᠵᠤ ᠲᠠᠯᠪᠢᠨ ᠶᠠᠪᠤᠭᠤᠯᠤᠨ᠎ᠠ᠃
ᠷᠠᠰᠢ ᠮᠠᠨᠢ ᠮᠣᠩᠭᠣᠯᠴᠤᠳ ᠤ᠋ᠨ ᠳᠤᠮᠳᠠ ᠰᠢᠬᠠᠯᠳᠤᠨ ᠣᠷᠣᠭᠰᠠᠨ ᠪᠣᠯᠪᠠᠴᠤ ᠣᠷᠣᠢᠲᠠᠵᠠᠢ᠃ ᠥᠨᠳᠥᠷᠬᠡᠨ ᠨᠢᠷᠤᠭᠤ ᠲᠠᠢ ᠭᠣᠶᠣ ᠪᠦᠰᠡᠭᠦᠢ ᠲᠣᠣᠷ ᠲᠤ᠌ ᠦᠯᠡᠳᠡᠭᠰᠡᠨ ᠵᠢᠷᠠᠭᠠᠬᠠᠢ ᠶ᠋ᠢ ᠪᠦᠬᠦᠨ ᠢ᠋ ᠬᠤᠳᠠᠯᠳᠤᠨ ᠠᠪᠤᠭᠠᠳ ᠮᠥᠩᠭᠥ ᠪᠡᠨ ᠲᠥᠯᠥᠭᠰᠡᠨ ᠪᠠᠢᠯ᠎ᠠ᠃ ᠲᠡᠷᠡ ᠪᠦᠰᠡᠭᠦᠢ ᠶᠠᠭ ᠯᠠ ᠦᠨ᠎ᠡ ᠪᠡᠨ᠎ᠡ ᠲᠡᠢ ᠵᠦᠢᠯᠡᠰ ᠪᠠᠢᠭ᠎ᠠ ᠰᠢᠭ᠋ ᠨᠢᠭᠡ ᠨᠢᠭᠡ ᠪᠡᠷ ᠨᠠᠨᠳᠢᠩᠨᠠᠨ ᠲᠣᠰᠴᠤ ᠠᠪᠤᠭᠠᠳ᠂ ᠳᠠᠬᠢᠨ ᠬᠢᠴᠢᠶᠡᠮᠵᠢᠲᠡᠢ ᠪᠡᠷ ᠤᠰᠤᠨ ᠳ᠋ᠤ᠌ ᠲᠠᠯᠪᠢᠨ ᠶᠠᠪᠤᠭᠤᠯᠵᠤ ᠪᠠᠢᠪᠠ᠃
- ᠴᠢ ᠪᠠᠰᠠ ᠵᠢᠷᠠᠭᠠᠬᠠᠢ ᠠᠪᠬᠤ ᠦᠭᠡᠢ ᠶᠦᠮ ᠤᠤ? ᠭᠡᠵᠦ ᠷᠠᠰᠢ ᠣᠯᠠᠨ ᠬᠥᠮᠦᠨ ᠲᠠᠷᠬᠠᠭᠰᠠᠨ ᠤ᠋ ᠬᠣᠢᠨ᠎ᠠ ᠮᠠᠢᠬᠠᠨ ᠤ᠋ ᠰᠡᠭᠦᠳᠡᠷ ᠲᠦ᠍ ᠳᠠᠷᠠᠭᠠᠴᠢ ᠶ᠋ᠢᠨ ᠵᠢᠷᠠᠭᠠᠬᠠᠢ ᠭᠠᠷᠴᠤ ᠢᠷᠡᠬᠦ ᠶ᠋ᠢ ᠬᠦᠯᠢᠶᠡᠬᠦ ᠵᠠᠭᠤᠷ᠎ᠠ ᠠᠰᠠᠭᠤᠪᠠ᠃
- ᠬᠤᠳᠠᠯᠳᠤᠵᠤ ᠠᠪᠤᠭᠠᠳ ᠲᠡᠳᠡᠨ ᠢ᠋ ᠳᠠᠬᠢᠨ ᠨᠠᠭᠤᠷ ᠲᠤᠨᠢ ᠲᠠᠯᠪᠢᠬᠤ ᠶ᠋ᠢᠨ ᠲᠥᠯᠥᠭᠡ ᠤᠤ? ᠲᠡᠭᠡᠪᠡᠯ ᠬᠥᠮᠦᠰ ᠮᠥᠩᠭᠥ ᠪᠡᠨ ᠰᠢᠭᠤᠳ ᠤᠰᠤᠨ ᠳ᠋ᠤ᠌ ᠬᠠᠶᠠᠭᠰᠠᠨ ᠨᠢ ᠨᠡᠩ ᠠᠮᠠᠷᠬᠠᠨ ᠪᠠᠢᠬ᠎ᠠ ᠳᠠ!
ᠣᠯᠠᠨ ᠤᠳᠠᠭ᠎ᠠ ᠪᠢ ᠡᠨᠡ ᠬᠦ᠌ ᠬᠠᠴᠢᠨ ᠰᠣᠨᠢᠨ ᠵᠢᠭᠠᠰᠤᠨ ᠤ᠋ ᠠᠩ ᠤ᠋ᠨ ᠲᠤᠬᠠᠢ ᠰᠣᠨᠣᠰᠴᠤ ᠪᠠᠢᠭᠰᠠᠨ ᠪᠣᠯᠪᠠᠴᠤ ᠡᠨᠡ ᠤᠳᠠᠭ᠎ᠠ ᠵᠢᠩᠬᠢᠨᠢ ᠪᠡᠷ ᠣᠯᠵᠤ ᠬᠠᠷᠠᠭᠰᠠᠨ ᠶᠤᠮ᠃
- ᠪᠤᠶᠠᠨ ᠬᠤᠷᠢᠶᠠᠬᠤ ᠪᠠᠨ ᠪᠣᠳᠣᠭᠠᠷᠠᠢ! ᠶᠠᠮᠠᠷ ᠨᠢᠭᠡᠨ ᠠᠮᠢᠲᠠᠨ ᠢ᠋ ᠠᠪᠤᠷᠠᠭᠰᠠᠨ ᠴᠤ᠌ ᠪᠤᠶᠠᠨ ᠬᠢᠭᠰᠡᠨ ᠳ᠋ᠦ᠍ ᠲᠣᠭᠠᠴᠠᠭᠳᠠᠨ᠎ᠠ ᠰᠢᠦ ! ᠨᠠᠰᠤᠨ ᠬᠤᠲᠤᠭ ᠲᠠᠭᠠᠨ ᠨᠢᠭᠡ ᠴᠠᠭᠠᠨ ᠦᠷᠢᠯ ᠨᠡᠮᠡᠭᠰᠡᠨ ᠲᠡᠢ ᠲᠡᠩᠴᠡᠨ᠎ᠡ ! ᠭᠡᠰᠡᠨ ᠢ᠋ᠶ᠋ᠡᠨ ᠨᠤᠲᠠᠯᠠᠭᠰᠠᠨ ᠮᠡᠲᠦ ᠲᠡᠢᠮᠦ ᠰᠢᠦ ᠳᠡ ! ᠭᠡᠵᠦ ᠷᠠᠰᠢ ᠳᠠᠬᠢᠨ ᠳᠠᠪᠲᠠᠭᠠᠳ ᠡᠨᠡ ᠤᠳᠠᠭᠠᠨ ᠤ᠋ ᠵᠢᠷᠠᠭᠠᠬᠠᠢ ᠠᠪᠬᠤ ᠠ᠋ᠴᠠ ᠬᠣᠴᠣᠷᠬᠤ ᠦᠭᠡᠢ ᠭᠡᠮᠡᠨ ᠶᠠᠭᠠᠷᠠᠤᠬᠠᠨ ᠪᠣᠰᠪᠠ᠃
ᠡᠨᠡ ᠡᠳᠦᠷ ᠶᠣᠰᠣᠲᠠᠢ ᠬᠢᠲᠠᠳ ᠤ᠋ᠳ ᠤ᠋ᠨ ᠰᠠᠢᠨ ᠡᠳᠦᠷ ᠪᠠᠢᠯ᠎ᠠ᠃ ᠵᠣᠭᠣᠰᠤᠨ ᠤᠭᠤᠲᠠ ᠪᠠᠨ ᠭᠠᠤᠯᠢᠨ ᠵᠣᠭᠣᠰ ᠢ᠋ᠶ᠋ᠠᠷ ᠳᠦᠭᠦᠷᠭᠡᠭᠡᠳ᠂ ᠤᠳᠠᠬᠤ ᠦᠭᠡᠢ ᠤᠳᠠᠬᠤ ᠦᠭᠡᠢ ᠪᠠᠰᠠ ᠮᠥᠩᠭᠥᠨ ᠲᠥᠭᠥᠷᠢᠭ ᠢ᠋ᠶ᠋ᠡᠷ ᠰᠣᠯᠢᠵᠤ ᠪᠠᠢᠪᠠ᠃ ᠵᠢᠭᠠᠰᠤ ᠠᠪᠬᠤ ᠮᠣᠩᠭᠣᠯᠴᠤᠳ ᠣᠯᠠᠨ ᠪᠣᠯᠬᠣᠷ ᠬᠢᠲᠠᠳ ᠤ᠋ᠳ ᠦᠨ᠎ᠡ ᠥᠰᠬᠡᠭᠰᠡᠨ ᠳ᠋ᠦ᠍ ᠮᠣᠩᠭᠣᠯᠴᠤᠳ ᠣᠴᠢᠬᠤ ᠪᠠᠨ ᠪᠣᠯᠢᠪᠠ᠃ ᠤᠴᠢᠷ ᠨᠢ ᠮᠣᠩᠭᠣᠯᠴᠤᠳ ᠵᠥᠪᠬᠡᠨ ᠭᠤᠴᠢ ᠪᠤᠶᠤ ᠲᠠᠪᠢᠨ ᠭᠠᠤᠯᠢᠨ ᠵᠣᠭᠣᠰ ᠢ᠋ᠶ᠋ᠠᠷ ᠠᠪᠬᠤ ᠪᠠᠷ ᠯᠠ ᠪᠠᠢᠪᠠ᠃ ᠨᠠᠷᠠᠨ ᠤ᠋ ᠳᠣᠣᠷᠠᠬᠢ ᠵᠢᠷᠠᠭᠠᠬᠠᠢ ᠶ᠋ᠢ ᠨᠢ ᠠᠪᠬᠤ ᠬᠥᠮᠦᠨ ᠦᠭᠡᠢ ᠨᠡᠯᠢᠶᠡᠳ ᠤᠳᠠᠬᠤ ᠳ᠋ᠤ᠌ ᠳᠣᠣᠷ᠎ᠠ ᠪᠠᠨ ᠤᠤᠯ ᠦᠨ᠎ᠡ ᠳ᠋ᠡᠭᠡᠨ ᠣᠷᠣᠭᠤᠯᠵᠤ᠂ ᠪᠦᠬᠦᠨ ᠢ᠋ ᠬᠤᠳᠠᠯᠳᠤᠨ ᠳᠠᠭᠤᠰᠬᠠᠪᠠ᠃
ᠥᠷᠯᠥᠭᠡ ᠡᠴᠡ ᠠᠪᠤᠭᠠᠳ ᠨᠠᠷᠠ ᠵᠢᠷᠭᠠᠬᠤ ᠪᠣᠯᠲᠠᠯ᠎ᠠ ᠬᠦᠷᠢᠶᠡᠯᠡᠭᠰᠡᠨ ᠬᠦᠷᠢᠶᠡᠨ ᠳ᠋ᠡᠬᠢ ᠵᠢᠭᠠᠰᠤ ᠵᠢᠷᠠᠭᠠᠬᠠᠢ ᠨᠤᠭᠤᠳ ᠮᠠᠨᠢ 《ᠪᠤᠶᠠᠨ ᠬᠤᠷᠢᠶᠠᠬᠤ ᠠᠵᠢᠯ 》 ᠳ᠋ᠤ᠌ ᠣᠷᠣᠯᠴᠠᠨ ᠲᠠᠮᠢᠷ ᠲᠡᠩᠬᠡᠭᠡ ᠨᠢ ᠲᠠᠰᠤᠷᠠᠵᠤ᠂ ᠴᠠᠭᠠᠰᠢ ᠪᠠᠨ ᠤᠮᠪᠠᠬᠤ ᠴᠤ᠌ ᠴᠢᠳᠠᠯ ᠦᠭᠡᠢ ᠲᠣᠣᠷ ᠤ᠋ᠨ ᠳᠡᠷᠭᠡᠳᠡ ᠬᠦᠯᠢᠶᠡᠨ᠎ᠡ᠃ ᠷᠠᠰᠢ ᠨᠢᠭᠡ ᠮᠥᠩᠭᠥᠨ ᠲᠥᠭᠥᠷᠢᠭ ᠢ᠋ᠶ᠋ᠡᠷ ᠵᠢᠷᠠᠭᠠᠬᠠᠢ ᠠᠪᠤᠭᠠᠳ ᠨᠠᠮᠠᠶ᠋ᠢ ᠱᠠᠯᠠᠪᠳᠠᠨ ᠳᠠᠭᠠᠭᠤᠯᠵᠤ ᠶᠠᠪᠤᠯ᠎ᠠ᠃
- ᠴᠢᠮ᠎ᠠ ᠳ᠋ᠤ᠌ ᠮᠠᠭᠤ ᠰᠠᠨᠠᠭ᠎ᠠ ᠭᠡᠵᠦ ᠪᠠᠢᠳᠠᠭ ᠤᠤ? ᠭᠡᠵᠦ ᠨᠠᠮᠠᠶ᠋ᠢ ᠠᠰᠠᠭᠤᠬᠤ ᠳ᠋ᠤ᠌ ᠲᠡᠷᠡ ᠳᠣᠣᠷ᠎ᠠ ᠪᠠᠨ ᠡᠰᠡᠷᠭᠦᠴᠡᠵᠦ᠄
- ᠪᠠᠢᠬᠤ ᠦᠭᠡᠢ᠃ ᠬᠥᠭᠡᠷᠦᠬᠦᠢ ᠠᠮᠢ ᠨᠠᠰᠤ ᠶ᠋ᠢ ᠠᠪᠤᠷᠠᠬᠤ ᠵᠠᠪᠰᠢᠶᠠᠨ ᠬᠥᠮᠦᠨ ᠳ᠋ᠦ᠍ ᠲᠣᠬᠢᠶᠠᠯᠳᠤᠪᠠᠯ ᠶᠠᠭᠠᠬᠢᠭᠠᠳ ᠠᠪᠤᠷᠠᠬᠤ ᠦᠭᠡᠢ ᠪᠣᠢ? ᠨᠠᠭᠠᠰᠢ ᠪᠠᠨ ᠨᠢᠭᠡ ᠮᠥᠩᠭᠥᠨ ᠲᠥᠭᠥᠷᠢᠭ ᠢ᠋ᠶ᠋ᠡᠨ ᠠᠯᠢ! ᠪᠢ ᠴᠢᠮ᠎ᠠ ᠳ᠋ᠤ᠌ ᠪᠠᠰᠠ ᠵᠢᠷᠠᠭᠠᠬᠠᠢ ᠠᠪᠴᠤ ᠥᠭᠭᠦᠶ᠎ᠡ᠃ ᠭᠡᠪᠡᠴᠦ ᠴᠢ ᠬᠠᠷᠢᠨ ᠥᠪᠡᠷ ᠦ᠋ᠨ ᠭᠠᠷ ᠢ᠋ᠶ᠋ᠠᠷ ᠢ᠋ᠶ᠋ᠠᠨ ᠤᠰᠤᠨ ᠳ᠋ᠤ᠌ ᠲᠠᠯᠪᠢᠨ᠎ᠠ ᠰᠢᠦ! ᠢᠩᠭᠢᠮᠡᠨᠵᠢᠨ ᠰᠠᠶᠢ ᠪᠤᠶᠠᠨ ᠬᠢᠭᠰᠡᠨ ᠳ᠋ᠦ᠍ ᠲᠣᠭᠠᠴᠠᠭᠳᠠᠨ᠎ᠠ ᠭᠡᠯᠡ᠃
ᠬᠠᠭᠤᠴᠢᠨ ᠵᠢᠵᠢᠭᠬᠡᠨ ᠲᠡᠮᠦᠷ ᠰᠠᠪᠠᠨ ᠳ᠋ᠤ᠌ ᠪᠠᠭᠠᠬᠠᠨ ᠤᠰᠤ ᠲᠠᠢ ᠶᠡᠬᠡ ᠪᠠᠭ᠎ᠠ ᠵᠢᠷᠠᠭᠠᠬᠠᠢ ᠶ᠋ᠢ ᠨᠠᠳᠠ ᠳ᠋ᠤ᠌ ᠵᠢᠭᠠᠰᠤᠨ ᠤ᠋ ᠰᠢᠩᠬᠡᠭ ᠦᠨᠦᠷᠲᠦᠭᠦᠯᠦᠭᠰᠡᠭᠡᠷ ᠠᠪᠴᠢᠷᠠᠵᠤ ᠥᠭᠭᠦᠯ᠎ᠡ᠃ ᠪᠢ ᠲᠡᠭᠦᠨ ᠢ᠋ ᠵᠢᠭᠠᠰᠤᠨ ᠲᠣᠣᠷ ᠤ᠋ᠨ ᠬᠦᠷᠢᠶᠡᠨ ᠦ᠌ ᠭᠠᠳᠠᠨ᠎ᠠ ᠲᠠᠯᠪᠢᠬᠤ ᠪᠠᠷ ᠬᠥᠪᠡᠭᠡ ᠳᠠᠭᠠᠨ ᠠᠯᠬᠤᠯᠠᠪᠠ᠃ ᠬᠢᠲᠠᠳ ᠤ᠋ᠳ ᠮᠢᠨᠦ ᠪᠣᠳᠣᠯ ᠢ᠋ ᠮᠡᠳᠡᠭᠡᠳ ᠳᠣᠣᠷ᠎ᠠ ᠪᠠᠨ ᠥᠨᠳᠥᠷ ᠳᠠᠭᠤᠨ ᠢ᠋ᠶ᠋ᠠᠷ ᠡᠰᠡᠷᠭᠦᠴᠡᠯ ᠲᠠᠯᠪᠢᠨ ᠪᠠᠷᠬᠢᠷᠠᠯᠳᠤᠪᠠ᠃ ᠮᠣᠩᠭᠣᠯᠴᠤᠳ ᠴᠤ᠌ ᠪᠠᠰᠠ ᠡᠭᠦᠨ ᠳ᠋ᠦ᠍ ᠳᠡᠮᠡᠢ ᠳᠤᠷ᠎ᠠ ᠦᠭᠡᠢ ᠂ ᠤᠴᠢᠷ ᠨᠢ ᠪᠢ ᠲᠣᠣᠷ ᠤ᠋ᠨ ᠭᠠᠳᠠᠨ᠎ᠠ ᠲᠠᠯᠪᠢᠬᠤ ᠳ᠋ᠤ᠌ ᠬᠦᠷᠪᠡᠯ ᠳᠠᠷᠠᠭᠠᠴᠢ ᠶ᠋ᠢᠨ 《ᠪᠤᠶᠠᠨ ᠬᠤᠷᠢᠶᠠᠬᠤ 》ᠵᠢᠷᠠᠭᠠᠬᠠᠢ ᠶ᠋ᠢᠨ ᠲᠣᠭ᠎ᠠ ᠴᠥᠭᠡᠷᠡᠵᠦ᠂ ᠳᠤᠲᠠᠭᠤ ᠠᠮᠢᠲᠠᠨ《ᠠᠪᠤᠷᠠᠭᠳᠠᠬᠤ 》ᠠᠵᠢ᠃
ᠪᠢ ᠡᠨᠡ ᠬᠦ᠌ 《ᠪᠤᠶᠠᠨ ᠬᠤᠷᠢᠶᠠᠬᠤ ᠠᠵᠢᠯ 》 ᠳ᠋ᠤ᠌ ᠤᠳᠠᠯ ᠦᠭᠡᠢ ᠳᠤᠷ᠎ᠠ ᠭᠤᠲᠤᠵᠤ᠂ ᠨᠠᠭᠤᠷ ᠤ᠋ᠨ ᠬᠥᠪᠡᠭᠡ ᠪᠡᠷ ᠪᠠᠷᠢᠭᠰᠠᠨ ᠬᠥᠬᠡ ᠮᠠᠢᠬᠠᠨ ᠨᠤᠭᠤᠳ ᠢ᠋ ᠠᠵᠢᠭᠯᠠᠪᠠ᠃ ᠵᠠᠷᠢᠮ ᠮᠠᠢᠬᠠᠨ ᠢ᠋ ᠨᠢ ᠴᠠᠭᠠᠨ ᠢ᠋ᠶ᠋ᠠᠷ ᠬᠥᠪᠡᠭᠡᠯᠡᠵᠦ᠂ ᠦᠨᠡᠬᠡᠷ ᠰᠠᠢᠬᠠᠨ ᠤᠷᠠᠯᠠᠵᠤ ᠭᠤᠶᠤᠭᠰᠠᠨ ᠪᠠᠢᠵᠤ᠂ ᠣᠯᠠᠩᠬᠢ ᠨᠢ ᠪᠦᠷ ᠡᠩ ᠦ᠋ᠨ ᠳᠥᠬᠥᠮᠬᠡᠨ ᠮᠠᠢᠬᠠᠨ ᠨᠤᠭᠤᠳ ᠪᠠᠢᠪᠠ᠃ ᠷᠠᠰᠢ ᠶ᠋ᠢᠨ ᠭᠣᠶᠣ ᠪᠦᠰᠡᠭᠦᠢᠴᠦᠦᠯ ᠦ᠋ᠨ ᠲᠤᠬᠠᠢ ᠶᠠᠷᠢᠶ᠎ᠠ ᠨᠢ ᠬᠤᠳᠠᠯ ᠪᠢᠰᠢ ᠪᠠᠢᠵᠤ᠂ ᠮᠠᠢᠬᠠᠨ ᠨᠤᠭᠤᠳ ᠤ᠋ᠨ ᠲᠡᠨᠳᠡ ᠤᠯᠠᠭᠠᠨ ᠬᠠᠴᠠᠷ ᠲᠠᠢ᠂ ᠢᠨᠢᠶᠡᠮᠰᠦᠭᠯᠡᠭᠰᠡᠨ ᠬᠠᠷᠠᠴᠠ ᠲᠠᠢ ᠴᠢᠭᠢᠷᠠᠭ ᠮᠣᠩᠭᠣᠯ ᠪᠦᠰᠡᠭᠦᠢᠴᠦᠦᠯ ᠰᠠᠭᠤᠵᠠᠭᠠᠵᠤ᠂ ᠡᠬᠢᠨ ᠳ᠋ᠡᠭᠡᠨ ᠨᠠᠮᠠᠶ᠋ᠢ ᠣᠢᠷᠠᠳᠬᠤ ᠪᠦᠷᠢ ᠪᠤᠷᠤᠭᠤ ᠬᠠᠨᠳᠤᠨ ᠬᠠᠨᠴᠤᠢ ᠪᠠᠷ ᠢ᠋ᠶ᠋ᠠᠨ ᠨᠢᠭᠤᠷ ᠢ᠋ᠶ᠋ᠠᠨ ᠪᠦᠲᠡᠭᠡᠨ ᠢᠨᠢᠶᠡᠯᠴᠡᠵᠦ ᠪᠠᠢᠭᠰᠠᠨ ᠢ᠋ᠶ᠋ᠠᠨ ᠤᠳᠠᠯ ᠦᠭᠡᠢ ᠲᠡᠰᠴᠦ᠂ ᠲᠡᠳᠡᠨ ᠦ᠌ ᠳᠤᠮᠳᠠ ᠪᠢ ᠴᠦ᠍ ᠡᠷᠡᠭᠡ ᠵᠢᠷᠣᠭ᠎ᠠ ᠦᠭᠡᠢ ᠶᠠᠷᠢᠯᠴᠠᠬᠤ ᠪᠣᠯᠪᠠ᠃
ᠨᠠᠮᠠᠶ᠋ᠢ ᠨᠢᠭᠡᠨ ᠵᠢᠵᠢᠭ ᠮᠠᠢᠬᠠᠨ ᠳ᠋ᠤ᠌ ᠬᠦᠷᠬᠦ ᠳ᠋ᠦ᠍ ᠡᠭᠦᠳᠡᠨ ᠳᠡᠭᠡᠷ᠎ᠡ ᠨᠢ ᠬᠦᠷᠡᠩ ᠪᠠᠩᠵᠠᠯ ᠲᠠᠢ ᠵᠠᠯᠠᠭᠤᠬᠠᠨ ᠯᠠᠮᠠ ( ᠵᠢᠷᠤᠭ 47 ) ᠰᠠᠭᠤᠵᠤ ᠪᠠᠢᠯ᠎ᠠ᠃ ᠲᠡᠭᠦᠨ ᠦ᠌ ᠰᠡᠷᠭᠦᠯᠡᠩ ᠬᠠᠷ᠎ᠠ ᠨᠢᠳᠦᠨ ᠳ᠋ᠦ᠍ ᠨᠠᠮᠠᠶ᠋ᠢ ᠢᠲᠡᠭᠡᠵᠦ ᠶᠠᠳᠠᠭᠰᠠᠨ ᠥᠩᠭᠡ ᠬᠠᠳᠠᠭᠠᠯᠠᠭᠳᠠᠵᠤ ᠪᠠᠢᠯ᠎ᠠ᠃ ᠲᠡᠷᠡ ᠲᠡᠭᠦᠨ ᠢ᠋ ᠲᠣᠭᠣᠷᠢᠵᠤ ᠰᠠᠭᠤᠭᠰᠠᠨ ᠣᠯᠠᠨ ᠳ᠋ᠤ᠌ ᠨᠣᠮ ᠤ᠋ᠨ ᠶᠣᠰᠣ ᠲᠠᠢᠯᠪᠤᠷᠢᠯᠠᠵᠤ ᠪᠠᠢᠬᠤ ᠪᠣᠯᠬᠣᠷ ᠪᠢ ᠴᠦ᠍ ᠬᠠᠮᠤᠭ ᠤ᠋ᠨ ᠰᠡᠭᠦᠯ ᠦ᠋ᠨ ᠮᠥᠷ ᠲᠦ᠋ᠨᠢ ᠬᠦᠷᠴᠦ ᠰᠠᠭᠤᠪᠠ᠃ ᠮᠣᠩᠭᠣᠯᠴᠤᠳ ᠪᠦᠷ ᠨᠠᠮᠠᠶ᠋ᠢ ᠭᠠᠢᠬᠠᠨ ᠰᠢᠷᠳᠡᠵᠦ᠂ ᠯᠠᠮᠠ ᠶ᠋ᠢ ᠳᠠᠬᠢᠨ ᠨᠣᠮ ᠢ᠋ᠶ᠋ᠠᠨ ᠡᠬᠢᠯᠡᠭᠦᠯᠬᠦ ᠳ᠋ᠦ᠍ ᠬᠠᠷᠠᠴᠠ ᠪᠠᠨ ᠲᠠᠢᠰᠢ ᠰᠢᠯᠵᠢᠭᠦᠯᠦᠯ᠎ᠡ᠃ ᠷᠠᠰᠢ ᠴᠤ᠌ ᠮᠢᠨᠦ ᠬᠠᠵᠠᠭᠤ ᠳ᠋ᠤ᠌ ᠢᠷᠡᠨ ᠰᠠᠭᠤᠪᠠ᠃
ᠯᠠᠮᠠ ᠤᠳᠠᠭᠠᠨ ᠮᠥᠷᠲᠡᠭᠡᠨ ᠲᠣᠳᠣᠬᠠᠨ ᠬᠣᠭᠣᠯᠠᠢ ᠪᠠᠷ ᠶᠠᠷᠢᠭᠰᠠᠨ ᠠᠨᠤ :《ᠨᠠᠷᠠᠨ ᠮᠠᠨᠳᠤᠬᠤ ᠳ᠋ᠤ᠌ ᠳᠥᠷᠪᠡᠨ ᠠᠭᠤᠯᠠᠨ᠎ᠠ ᠨᠠᠷᠠᠨ ᠤ᠋ ᠭᠡᠷᠡᠯ ᠲᠤᠰᠤᠨ᠎ᠠ᠃ ᠠᠭᠤᠯᠠ ᠪᠣᠯᠭᠠᠨ ᠳ᠋ᠤ᠌ ᠨᠢᠭᠡᠨ ᠰᠠᠬᠢᠭᠤᠯᠰᠤᠨ ᠪᠠᠢᠳᠠᠭ ᠶᠤᠮ᠃ ᠨᠠᠷᠠ ᠬᠡᠵᠢᠶᠡᠳᠡ ᠬᠦᠷᠳᠡᠭ ᠦᠭᠡᠢ ᠬᠣᠢᠲᠤ ᠠᠭᠤᠯᠠᠨ ᠳ᠋ᠤ᠌ ᠬᠡᠯᠡ ᠠᠮᠠᠨ ᠳ᠋ᠠᠭᠠᠨ ᠰᠠᠢᠨ ᠪᠥᠭᠡᠳ ᠳᠠᠢᠨᠴᠢ ᠡᠰᠡᠷᠸ᠎ᠠ ᠭᠡᠵᠦ ᠪᠠᠢᠳᠠᠭ᠃ ᠬᠡᠨ ᠲᠡᠭᠦᠨ ᠲᠡᠢ ᠣᠢᠷᠠᠳᠪᠠᠯ ᠳᠣᠷᠣᠢᠲᠠᠯ ᠤ᠋ᠨ ᠵᠠᠮ ᠳ᠋ᠠᠭᠠᠨ ᠣᠷᠣᠳᠠᠭ᠃ ᠡᠮᠦᠨ᠎ᠡ ᠠᠭᠤᠯᠠᠨ᠎ᠠ ᠬᠠᠷᠠᠮᠴᠢ᠂ ᠥᠯᠵᠡᠢ ᠪᠤᠰᠤ᠂ ᠣᠯᠠᠨ ᠶᠠᠷᠢᠭᠠᠳ ᠳᠤᠲᠠᠭᠤ ᠬᠢᠳᠡᠭ ᠪᠥᠭᠡᠳ ᠦᠭᠡᠨ ᠳ᠋ᠡᠭᠡᠨ ᠰᠠᠭᠤᠳᠠᠭ ᠦᠭᠡᠢ ᠪᠢᠷᠢᠳ ᠬᠡᠮᠡᠭᠴᠢ ᠡᠵᠡᠯᠡᠵᠦ᠂ ᠲᠡᠭᠦᠨ ᠡᠴᠡ ᠲᠠ ᠨᠠᠷ ᠴᠤ᠌ ᠬᠣᠯᠠ ᠵᠠᠢᠯᠠᠬᠤ ᠬᠡᠷᠡᠭᠲᠡᠢ᠃ ᠬᠦᠵᠢ ᠡᠭᠦᠷᠦᠭᠰᠡᠨ ᠳ᠋ᠦᠫᠸᠢᠮᠠ ᠭᠡᠭᠴᠢ ᠪᠠᠷᠠᠭᠤᠨ ᠠᠭᠤᠯᠠᠨ᠎ᠠ ᠰᠠᠭᠤᠳᠠᠭ᠃ ᠲᠡᠭᠦᠨ ᠡᠴᠡ ᠰᠦᠷᠡᠬᠡᠢ ᠨᠢᠭᠤᠴᠠᠭᠠᠢ ᠬᠦᠴᠦᠨ ᠰᠠᠴᠤᠷᠠᠵᠤ ᠪᠠᠢᠭ᠎ᠠ ᠪᠣᠯᠪᠠᠴᠤ ᠶᠡᠬᠡ ᠠᠶᠤᠮᠰᠢᠭᠲᠠᠢ ᠪᠠᠢᠵᠤ ᠵᠣᠯ ᠪᠤᠰᠤ ᠶ᠋ᠢ ᠠᠪᠴᠢᠷᠠᠳᠠᠭ᠃ ᠬᠡᠷᠪᠡ ᠲᠠ ᠨᠠᠷ ᠵᠣᠪᠠᠯ ᠵᠦᠳᠡᠭᠦᠷᠢ ᠦᠭᠡᠢ ᠪᠠᠷᠲᠠᠭ᠎ᠠ ᠶ᠋ᠢ ᠲᠤᠭᠤᠯᠤᠶ᠎ᠠ ᠭᠡᠪᠡᠯ ᠡᠨᠡ ᠰᠠᠬᠢᠭᠤᠯᠰᠤᠨ ᠠ᠋ᠴᠠ ᠬᠣᠯᠠ ᠪᠠᠢᠵᠤ ᠦᠵᠡ᠃ ᠨᠠᠷᠠᠨ ᠮᠠᠨᠳᠤᠬᠤ ᠵᠦᠭ ᠦ᠋ᠨ ᠵᠡᠭᠦᠨ ᠠᠭᠤᠯᠠᠨ᠎ᠠ ᠨᠢᠭᠡᠨ ᠥᠯᠵᠡᠢᠲᠡᠢ᠂ ᠨᠢᠭᠦᠯᠡᠰᠦᠩᠭᠦᠢ ᠪᠠᠭᠰᠢ ᠵᠠᠯᠠᠷᠠᠨ ᠰᠠᠭᠤᠵᠤ ᠪᠠᠢᠳᠠᠭ᠃ ᠲᠡᠨᠳᠡ ᠭᠡᠷᠡᠯ ᠭᠡᠭᠡ ᠲᠡᠭᠷᠢ ᠭᠠᠵᠠᠷ ᠢ᠋ ᠭᠡᠢᠭᠦᠯᠦᠨ᠂ ᠬᠡᠨ ᠬᠡᠷᠪᠡ ᠡᠨᠡ ᠬᠦ᠌ ᠭᠡᠷᠡᠯ ᠭᠡᠭᠡ ᠲᠡᠢ ᠵᠡᠭᠦᠨ ᠵᠦᠭ ᠦ᠋ᠨ ᠠᠮᠤᠭᠤᠯᠠᠩ ᠰᠠᠬᠢᠭᠤᠯᠰᠤᠨ ᠲᠠᠢ ᠣᠢᠷᠠᠳᠪᠠᠯ ᠪᠠᠶᠠᠨ ᠡᠯᠪᠡᠭ ᠪᠣᠯᠵᠤ᠂ ᠮᠠᠯ ᠰᠦᠷᠦᠭ ᠨᠢ ᠥᠩᠰᠡᠭ ᠥᠰᠦᠨ᠎ᠡ᠃ ᠬᠡᠨ ᠬᠡᠷᠪᠡ ᠵᠡᠭᠦᠨ ᠵᠦᠭ ᠡᠴᠡ ᠨᠠᠢᠵᠠ ᠲᠠᠢ ᠪᠣᠯᠪᠠ᠊ᠯ ᠲᠡᠳᠡᠨ ᠴᠢᠮ᠎ᠠ ᠳ᠋ᠤ᠌ ᠠᠬ᠎ᠠ ᠳᠡᠭᠦᠦ ᠪᠡᠨ ᠰᠢᠭ ᠬᠠᠨᠳᠤᠬᠤ ᠪᠣᠯᠤᠨ᠎ᠠ᠃ ᠬᠡᠨ ᠬᠡᠷᠪᠡ ᠨᠣᠶᠠᠨ ᠲᠦᠰᠢᠮᠡᠯ ᠵᠡᠷᠭᠡ ᠲᠡᠢ ᠪᠣᠯᠤᠶ᠎ᠠ ᠭᠡᠪᠡᠯ ᠵᠡᠭᠦᠨ ᠵᠦᠭ ᠦ᠋ᠨ ᠰᠠᠬᠢᠭᠤᠯᠰᠤᠨ ᠳ᠋ᠤ᠌ ᠭᠥᠷᠥᠭᠡᠷᠡᠢ᠃ ᠲᠡᠷᠡ ᠲᠠ ᠨᠠᠷ ᠢ᠋ ᠰᠢᠯᠭᠠᠨ ᠪᠠᠢᠴᠠᠭᠠᠵᠤ᠂ ᠨᠡᠷ᠎ᠡ ᠬᠦᠨᠳᠦᠲᠡᠢ ᠬᠥᠮᠦᠨ ᠪᠣᠯᠭᠠᠬᠤ ᠶᠤᠮ᠃ ᠲᠠ ᠨᠠᠷ ᠤ᠋ᠨ ᠰᠠᠢᠨ ᠪᠠᠭᠰᠢ ᠶ᠋ᠢ ᠢᠳᠡᠭᠡᠨ ᠪᠢᠰᠢᠷᠡᠭᠰᠡᠨ ᠦ᠌ ᠬᠠᠷᠢᠭᠤ ᠳ᠋ᠤ᠌ ᠥᠯᠵᠡᠢ ᠪᠤᠶᠠᠨ ᠲᠠ ᠨᠠᠷ ᠢ᠋ ᠢᠪᠡᠭᠡᠵᠦ᠂ ᠳᠤᠲᠠᠭᠤ ᠠᠵᠢᠯ ᠢ᠋ᠶ᠋ᠠᠷ ᠢᠯᠡᠭᠦᠦ ᠶ᠋ᠢ ᠣᠯᠬᠤ ᠪᠣᠯᠤᠨ᠎ᠠ᠃ ᠬᠡᠨ ᠲᠡᠭᠦᠨ ᠦ᠌ ᠨᠣᠮ ᠳ᠋ᠤ᠌ ᠰᠢᠳᠦᠨ ᠳᠠᠭᠠᠳᠬᠠᠪᠠᠰᠤ᠂ ᠭᠡᠭᠡᠭᠰᠡᠨ ᠡᠳ᠋ ᠢ᠋ᠶ᠋ᠡᠨ ᠣᠯᠵᠤ᠂ ᠰᠦᠷᠦᠭ ᠲᠦ᠋ᠨᠢ ᠬᠤᠯᠠᠭᠠᠢ ᠣᠷᠣᠬᠤ ᠦᠭᠡᠢ ᠰᠠᠨᠠᠭ᠎ᠠ ᠠᠮᠤᠷ ᠤᠨᠲᠠᠬᠤ ᠪᠣᠯᠤᠨ᠎ᠠ᠃ ᠲᠠ ᠨᠠᠷ ᠵᠠᠪᠠᠯ ᠪᠤᠷᠬᠠᠨ ᠤ᠋ ᠨᠣᠮ ᠰᠠᠢᠨ ᠤᠩᠰᠢᠭᠤᠯᠵᠤ᠂ ᠵᠠᠯᠪᠠᠷᠢᠬᠤ ᠬᠡᠷᠡᠭᠲᠡᠢ᠃ ᠢᠩᠭᠢᠪᠡᠯ ᠲᠠ ᠨᠠᠷ ᠢ᠋ ᠨᠢᠭᠦᠯᠡᠰᠦᠩᠭᠦᠢ ᠶᠡᠬᠡ ᠪᠠᠭᠰᠢ ᠬᠠᠮᠠᠭᠠᠯᠠᠬᠤ ᠪᠣᠯᠤᠨ᠎ᠠ᠃ 》
ᠨᠣᠮ ᠰᠣᠨᠣᠰᠬᠤ ᠳᠤᠮᠳᠠ ᠷᠠᠰᠢ ᠨᠠᠮᠠᠶ᠋ᠢ ᠣᠯᠠᠨ ᠤᠳᠠᠭ᠎ᠠ ᠬᠠᠨᠴᠤᠢ ᠠ᠋ᠴᠠ ᠮᠢᠨᠢ ᠴᠢᠩᠭᠠᠭᠠᠵᠤ ᠪᠢᠯᠡ᠃ ᠲᠡᠷᠡ ᠯᠠᠮᠠ ᠶ᠋ᠢᠨ ᠨᠣᠮ ᠢ᠋ᠶ᠋ᠠᠨ ᠵᠣᠭᠰᠣᠰᠬᠢᠵᠦ ᠭᠦᠨ ᠪᠣᠳᠣᠯᠭᠠᠰᠢᠷᠠᠬᠤ ᠦᠶ᠎ᠡ ᠳ᠋ᠦ᠍ ᠷᠠᠰᠢ ᠴᠢᠬᠢᠨ ᠳ᠋ᠦ᠍ ᠮᠢᠨᠢ :《ᠪᠢᠳᠡ ᠪᠠᠰᠠ ᠬᠣᠯᠠ ᠵᠠᠮ ᠬᠥᠭᠡᠭᠡᠨ᠎ᠡ ᠰᠢᠦ᠂ ᠬᠤᠷᠳᠤᠨ ᠬᠥᠳᠡᠯᠦᠶ᠎ᠡ ᠳᠡ ! 》ᠭᠡᠯᠡ᠃
ᠪᠢᠳᠡᠨ ᠢ᠋ ᠠᠷᠠᠢ ᠬᠥᠳᠡᠭᠡ ᠳ᠋ᠦ᠍ ᠭᠠᠷᠪᠠ ᠤᠤ᠂ ᠦᠭᠡᠢ ᠤᠤ ᠷᠠᠰᠢ ᠮᠠᠨᠢ ᠨᠠᠳᠠ ᠤᠷᠤᠭᠤ ᠡᠷᠭᠢᠵᠦ ᠬᠢᠯᠢᠩᠲᠡᠢ ᠪᠡᠷ : 《ᠴᠢ ᠪᠣᠯ ᠬᠠᠭᠤᠷᠮᠠᠭ ᠯᠠᠮᠠ! 》 ᠭᠡᠵᠦ ᠬᠠᠰᠬᠢᠷᠤᠭᠠᠳ : 《ᠡᠷᠯᠢᠭ ᠴᠢᠮᠠᠶ᠋ᠢ ᠬᠡᠯᠡ ᠡᠴᠡ ᠨᠢ ᠴᠢᠩᠭᠠᠭᠠᠵᠤ ᠭᠠᠯ ᠮᠥᠰᠥᠨ ᠦ᠌ ᠲᠠᠮᠤ ᠳ᠋ᠤ᠌ ᠣᠷᠣᠭᠤᠯᠤᠭᠠᠰᠠᠢ! ᠮᠠᠭᠤ ᠬᠤᠳᠠᠯᠴᠢ! 》 ᠭᠡᠵᠦ ᠵᠠᠩᠨᠠᠪᠠ᠃
ᠲᠡᠭᠦᠨ ᠦ᠌ ᠠᠭᠤᠷ ᠲᠠᠢᠳᠬᠤᠷᠠᠬᠤ ᠪᠣᠯᠲᠠᠯ᠎ᠠ ᠨᠡᠯᠢᠶᠡᠳ ᠤᠳᠠᠪᠠ᠃ ᠲᠡᠭᠦᠨ ᠦ᠌ ᠬᠥᠭᠵᠢᠯᠲᠡᠢ ᠳᠠᠭᠤᠨ ᠰᠣᠨᠣᠰᠳᠠᠬᠤ ᠪᠠᠨ ᠪᠣᠯᠢᠵᠤ᠂ ᠵᠠᠮ ᠲᠤᠷᠰᠢ ᠳᠤᠷ᠎ᠠ ᠮᠠᠭᠤᠲᠠᠢᠬᠠᠨ ᠠᠶᠠᠯᠠᠪᠠ᠃ ᠪᠢᠳᠡᠨ ᠢ᠋ ᠭᠡᠷ ᠲᠡᠭᠡᠨ ᠬᠦᠷᠬᠦ ᠳ᠋ᠦ᠍ ᠲᠡᠷᠡ ᠬᠦᠷᠰᠢ ᠵᠡᠷᠭᠡᠯᠡᠳᠡᠭᠡ ᠪᠡᠷ ᠳᠠᠷᠠᠭᠠᠯᠠᠨ ᠣᠷᠣᠵᠤ᠂ ᠮᠢᠨᠦ ᠬᠠᠭᠤᠷᠮᠠᠭ ᠯᠠᠮᠠ ᠪᠣᠯᠵᠤ ᠨᠣᠮ ᠰᠣᠨᠣᠰᠤᠭᠰᠠᠨ ᠲᠤᠬᠠᠢ ᠶᠠᠷᠢᠵᠤ ᠭᠠᠷᠪᠠ᠃
